ᠵᠣᠬᠢᠶᠠᠭᠴᠢ᠄ ᠨᠠᠷᠠᠨᠴᠡᠴᠡᠭ ᠳᠠᠪᠰᠢᠩᠭᠤᠢ | | | | ᠠᠯᠠᠱᠠ ᠠᠶᠢᠮᠠᠭ ᠤᠨ ᠡᠵᠡᠨ᠎ᠡ ᠬᠤᠰᠢᠭᠤᠨ ᠤ ︽ᠣᠷᠢᠳᠣ ᠭᠤᠣᠯ︾ ᠤᠨ ᠵᠡᠬᠦᠨ ᠡᠷᠬᠢ ᠳᠠᠬᠢ ᠡᠯᠡᠰᠣᠨ | ᠭᠤᠪᠢ ᠳᠤ ᠨᠢᠭᠡᠨ ᠰᠠᠭᠤᠷᠢ ᠪᠠᠷᠠᠭᠤᠨ ᠰᠢᠶᠠ ᠶᠢᠨ ᠸᠠᠩᠳᠣ ᠳᠦᠷᠤ ᠶᠢᠨ ᠬᠠᠭᠤᠴᠢᠨ ᠪᠠᠭᠤᠷᠢ ᠪᠠᠶᠢᠳᠠᠭ᠃ ᠬᠦᠮᠦᠰ | ᠳᠡᠬᠦᠨ ᠢ ︽ᠬᠠᠷ᠎ᠠ ᠬᠤᠳᠠ︾ ᠭᠡᠵᠤ ᠨᠡᠷᠡᠯᠡᠳᠡᠭ ᠪᠦᠭᠡᠳ ᠬᠤᠳᠠ ᠶᠢᠨ ᠪᠠᠷᠠᠭᠤᠨ ᠦᠨᠴᠦᠭ ᠳᠡᠭᠡᠷ᠎ᠡ ᠨᠢᠭᠡ ᠳᠣᠮᠣ | ᠴᠠᠭᠠᠨ ᠰᠣᠪᠣᠷᠭ᠎ᠠ ᠪᠠᠶᠢᠳᠠᠭ᠃ | ᠡᠨᠡᠬᠦ ᠬᠠᠷ᠎ᠠ ᠬᠤᠳᠠ ᠶᠢᠨ ᠳᠣᠬᠠᠢ ᠳᠣᠰ ᠭᠠᠵᠠᠷ ᠤᠨ ᠮᠣᠩᠭᠤᠯᠴᠣᠳ ᠤᠨ ᠳᠣᠮᠳᠠ ᠡᠶᠢᠮᠤ ᠭᠡᠳᠦᠨ | ᠳᠣᠮᠤᠭ ᠶᠠᠷᠢᠶ᠎ᠠ ᠪᠠᠶᠢᠳᠠᠭ᠃ | ᠨᠢᠭᠡ᠂ ᠪᠠᠷᠠᠭᠤᠨ ᠰᠢᠶᠠ ᠣᠯᠣᠰ ᠤᠨ ᠮᠠᠨᠳᠣᠯ ᠤᠨ ᠦᠶ᠎ᠡ ᠳᠤ ᠨᠠᠶᠢᠰᠯᠠᠯ ᠪᠠᠶᠢᠭᠰᠠᠨ ᠬᠠᠷ᠎ᠠ ᠬᠤᠳᠠ ᠶᠢ | ᠬᠠᠷ᠎ᠠ ᠪᠠᠭᠠᠳᠤᠷ ᠭᠡᠳᠡᠭ ᠨᠢᠭᠡᠨ ᠡᠷᠡᠯᠭᠡᠭ ᠪᠠᠭᠠᠳᠣᠷᠯᠢᠭ ᠵᠠᠩᠵᠣᠨ ᠰᠠᠬᠢᠨ ᠰᠠᠭᠤᠵᠤ ᠪᠠᠶᠢᠵᠡᠢ᠃ ᠳᠡᠭᠡᠭᠡᠳ ᠮᠢᠩ | ᠣᠯᠣᠰ ᠤᠨ ᠹᠧᠩ ᠱᠧᠩ ᠤᠨ ᠶᠡᠭᠡ ᠴᠡᠷᠢᠭ ᠤᠨ ᠳᠠᠭᠠᠷᠢᠯᠳᠠ ᠳᠤ ᠣᠴᠠᠷᠠᠵᠤ᠂ ᠬᠤᠳᠠ ᠪᠠᠬᠢ᠂ ᠬᠦᠨᠡᠰᠣ | ᠡᠯᠪᠡᠭ ᠲᠡᠭᠡᠨ ᠨᠠᠶᠢᠳᠠᠭᠰᠠᠨ ᠵᠠᠩᠵᠤᠨ ᠬᠤᠳᠠ ᠪᠠᠨ ᠪᠠᠳᠣ ᠰᠠᠬᠢᠵᠡᠢ᠃ ᠹᠧᠩ ᠱᠧᠩ ᠤᠨ ᠶᠡᠭᠡ ᠴᠡᠷᠢᠭ ᠣᠳᠠᠭᠠᠨ | ᠡᠳᠦᠷ ᠳᠠᠭᠠᠷᠢᠭᠠᠳ ᠬᠤᠳᠠ ᠶᠢ ᠡᠪᠳᠡᠵᠣ ᠡᠵᠡᠯᠡᠨ ᠳᠠᠶᠢᠯᠦᠭᠰᠡᠨ ᠦᠭᠡᠢ ᠪᠤᠯᠬᠤᠷ ᠬᠤᠷᠣᠨ ᠰᠠᠨᠠᠭ᠎ᠠ ᠭᠠᠷᠭᠠᠵᠤ᠂ | ᠬᠤᠳᠠ ᠶᠢᠨ ᠠᠷᠠᠳ ᠤᠨ ᠣᠷᠣᠰᠢᠨ ᠳᠣᠭᠳᠠᠨᠢᠬᠤ ᠴᠣᠷ ᠤᠨ ᠭᠠᠭᠴᠠ ᠨᠠᠶᠢᠳᠠᠯᠭ᠎ᠠ ᠪᠤᠯᠤᠭᠰᠠᠨ ᠡᠵᠡᠨ᠎ᠡ ᠭᠤᠤᠯ ᠤᠨ | ᠳᠡᠭᠡᠳᠣ ᠣᠷᠣᠰᠬᠠᠯ ᠢ ᠳᠠᠰᠣᠯᠵᠡᠢ᠃ ᠣᠮᠳᠠ ᠳᠠᠰᠣᠷᠠᠭᠰᠠᠨ ᠬᠠᠷ᠎ᠠ ᠬᠤᠳᠠ ᠶᠢᠨ ᠬᠢᠨ ᠬᠤᠳᠠ ᠳᠣᠳᠣᠷ᠎ᠠ ᠨᠠᠶᠠᠨ | ᠵᠠᠩ ᠬᠦᠨ ᠬᠤᠳᠳᠤᠭ ᠮᠠᠯᠳᠠᠭᠠᠳ ᠴᠦ ᠤᠰᠤ ᠭᠠᠷᠭᠠᠵᠤ ᠳᠡᠶᠢᠯᠦᠭᠰᠡᠨ ᠦᠭᠡᠢ ᠭᠡᠨ᠎ᠡ᠃ ᠳᠡᠭᠡᠭᠡᠳ ᠬᠠᠷ᠎ᠠ | ᠪᠠᠭᠠᠳᠣᠷ ᠵᠠᠩᠵᠤᠨ ᠬᠤᠳᠠ ᠳᠣᠳᠣᠷᠠᠬᠢ ᠠᠯᠳᠠ ᠮᠦᠩᠭᠦᠨ ᠡᠳ᠋ ᠡᠷᠳᠡᠨᠢᠰ ᠪᠠ ᠦᠪᠡᠷ ᠤᠨ ᠳᠦᠷᠦᠯ ᠰᠠᠳᠣᠨ ᠢᠶᠠᠨ | ᠬᠠᠷᠬᠢᠰ ᠳᠠᠶᠢᠰᠣᠨ ᠤ ᠭᠠᠷ ᠲᠤ ᠣᠷᠣᠭᠤᠯᠬᠤ ᠦᠭᠡᠢ ᠶᠢᠨ ᠳᠦᠯᠦᠭᠡ ᠬᠦᠪᠡᠬᠦᠨ ᠦᠬᠢᠨ ᠢᠶᠠᠨ ᠡᠳ᠋ ᠡᠷᠳᠡᠨᠢᠰ ᠲᠠᠢ | ᠬᠠᠮᠳᠣ ᠬᠤᠳᠳᠤᠭ ᠳᠣᠳᠣᠷ᠎ᠠ ᠬᠢᠵᠤ ᠳᠠᠷᠤᠵᠤ ᠳᠠᠯᠪᠢᠭᠠᠳ᠂ ᠬᠤᠶᠠᠭ ᠴᠡᠷᠢᠭ ᠢᠶᠠᠨ ᠳᠠᠭᠠᠭᠤᠯᠣᠨ ᠬᠤᠳᠠ ᠶᠢᠨ | ᠬᠤᠶᠢᠳᠣ ᠭᠡᠷᠡᠮ ᠢ ᠰᠡᠳᠡᠯᠣᠨ ᠭᠠᠷᠴᠣ᠂ ᠳᠡᠷᠡ ᠦᠶ᠎ᠡ ᠶᠢᠨ ᠢᠭᠴᠣ ᠰᠠᠬᠤᠯᠢᠭ ᠳᠣᠣᠷᠡᠢ ᠶᠢᠨ ᠣᠢ ︵ᠣᠳᠣ ᠶᠢᠨ | ᠬᠠᠴᠢᠨ ᠪᠠᠯᠠᠷ︶ ᠳᠣᠳᠣᠷ᠎ᠠ ᠳᠡᠮᠡᠴᠡᠨ ᠪᠠᠶᠢᠯᠳᠣᠭᠰᠠᠭᠠᠷ ᠪᠦᠬᠦ ᠴᠡᠷᠢᠭ ᠢᠶᠠᠷ ᠢᠶᠠᠨ ᠰᠦᠨᠦᠭᠰᠡᠨ ᠭᠡᠳᠡᠭ᠃ ᠣᠰᠣᠨ ᠤ | ᠡᠬᠢ ᠪᠠᠨ ᠳᠠᠰᠣᠯᠣᠭᠤᠯᠣᠭᠰᠠᠨ ᠬᠦᠮᠦᠨ ᠠᠷᠠᠳ ᠢᠩᠭᠢᠵᠣ ᠮᠦᠬᠦᠵᠣ ᠰᠠᠷᠨᠢᠬᠤ ᠳᠤ᠂ ᠳᠣᠣᠷᠡᠢ ᠮᠣᠳᠣ ᠴᠦ ᠬᠠᠳᠠᠨ | ᠦᠬᠦᠵᠡᠢ᠃ ᠳᠡᠭᠡᠭᠡᠳ ᠵᠠᠩᠵᠤᠨ ᠬᠠᠷ᠎ᠠ ᠬᠤᠳᠠ ᠪᠠᠨ ᠰᠠᠬᠢᠵᠤ ᠳᠠᠶᠢᠳᠦᠨ ᠦᠬᠦᠭᠰᠡᠨ ᠦᠢ ᠳᠦᠮᠡᠨ | ᠡᠷᠡᠰ ᠲᠠᠢ ᠪᠠᠨ ᠬᠠᠮᠳᠣ ᠬᠠᠷ᠎ᠠ ᠬᠤᠳᠠ ᠶᠢᠨ ᠪᠠᠭᠤᠷᠢ ᠪᠠᠨ ᠰᠠᠬᠢᠵᠤ ᠰᠠᠭᠤᠭᠰᠠᠭᠠᠷ ᠪᠤᠢ᠃ ᠬᠠᠷ᠎ᠠ ᠪᠠᠭᠠᠳᠣᠷ ᠤᠨ | ᠬᠦᠣ ᠭᠡᠣᠭᠡᠨ ᠨᠢ ᠮᠣᠭᠠᠢ ᠪᠣᠯᠣᠨ ᠬᠤᠪᠢᠯᠣᠭᠠᠳ ᠬᠠᠷ᠎ᠠ ᠬᠤᠳᠠ ᠶᠢᠨ ᠬᠦᠨ ᠬᠤᠳᠳᠤᠭ ᠢᠶᠠᠨ ᠰᠠᠬᠢᠨ᠂ | ᠠᠪᠤ ᠶᠢᠨ ᠢᠶᠠᠨ ᠢᠷᠡᠵᠣ ᠠᠪᠤᠷᠠᠨ ᠭᠠᠷᠭᠠᠬᠤ ᠶᠢ ᠬᠦᠯᠢᠶᠡᠭᠰᠡᠭᠡᠷ ᠪᠤᠢ ᠭᠡᠨ᠎ᠡ᠃ | ᠬᠤᠶᠠᠷ᠂ ᠡᠷᠳᠡ ᠪᠣᠭᠳᠠ ᠴᠢᠩᠭᠢᠰ ᠵᠣᠰᠠᠭᠠᠯ ᠠᠴᠠ ᠪᠠᠨ ᠭᠠᠷᠴᠣ ᠳᠠᠩᠭᠤᠳ ᠳᠦᠪᠡᠳ ᠤᠨ ᠣᠷᠣᠨ ᠢ | ᠳᠠᠶᠢᠯᠠᠬᠤ ᠳᠠᠭᠠᠨ ᠡᠯᠡᠰᠣᠨ ᠭᠤᠪᠢ ᠳᠠᠬᠢ ᠨᠢᠭᠡ ᠶᠡᠭᠡ ᠬᠤᠳᠠ ᠶᠢ ᠳᠠᠭᠠᠷᠢᠵᠡᠢ᠃ ᠡ᠊ᠨᠳᠡ ᠠᠪᠠ᠂ ᠮᠠᠯᠯᠠᠭ᠎ᠠ ᠳᠤ | ᠳᠣᠬᠢᠷᠡᠮᠵᠢᠳᠡᠢ᠂ ᠠᠷᠠᠳ ᠢᠷᠭᠡᠳ ᠡᠶᠡᠳᠡᠢ᠂ ᠡᠪᠡᠰᠣ ᠪᠡᠯᠴᠢᠭᠡᠷ ᠰᠠᠬᠤᠯᠢᠭ᠂ ᠦᠵᠡᠮᠵᠢᠳᠣ ᠣᠢ ᠪᠠᠷ ᠢᠭᠴᠣ | ᠰᠠᠶᠢᠬᠠᠨ ᠨᠣᠳᠤᠭ ᠪᠠᠶᠢᠭᠰᠠᠨ ᠳᠤ ᠦᠪᠡᠷ ᠤᠨ ᠭᠠᠷ ᠳᠣᠣᠷᠠᠬᠢ ᠨᠢᠭᠡ ᠵᠠᠩᠵᠤᠨ ᠢᠶᠠᠨ ᠳᠣᠮᠢᠯᠠᠨ ᠡᠨᠡ ᠬᠤᠳᠠ ᠶᠢ | ᠵᠠᠬᠢᠷᠤᠭᠤᠯᠵᠡᠢ᠃ | | | | ᠰᠡᠬᠦᠯᠡᠷ ᠨᠢ ᠮᠢᠩ ᠣᠯᠣᠰ ᠪᠠᠶᠢᠭᠤᠯᠤᠭᠳᠠᠨ ᠶᠤᠸᠠᠨ ᠣᠯᠣᠰ ᠢ ᠮᠦᠬᠦᠭᠡᠬᠦ ᠦᠶᠡᠰ ᠮᠢᠩ ᠣᠯᠣᠰ ᠤᠨ | ᠵᠠᠭᠤᠨ ᠳᠦᠮᠡᠨ ᠴᠡᠷᠢᠭ ᠡᠨᠡ ᠬᠤᠳᠠ ᠶᠢ ᠳᠠᠭᠠᠷᠢᠵᠡᠢ᠃ ᠬᠤᠳᠠ ᠶᠢᠨ ᠵᠠᠬᠢᠷᠤᠭᠴᠢ᠂ ᠡᠵᠡᠨ ᠴᠢᠩᠭᠢᠰ ᠤᠨ ᠦᠷᠡᠰ | ᠬᠠᠷ᠎ᠠ ᠪᠠᠭᠠᠳᠣᠷ ᠭᠡᠮᠡᠭᠴᠢ ᠬᠦᠮᠦᠨ ᠡᠨᠡ ᠬᠤᠳᠠ ᠪᠣᠯ ᠪᠣᠮᠪᠠ ᠶᠢᠨ ᠣᠷᠣᠨ᠂ ᠪᠣᠯᠳᠣ ᠶᠢᠨ ᠨᠣᠳᠤᠭ᠂ ᠪᠣᠰᠣᠳ ᠤᠨ | ᠳᠠᠯᠬᠢᠳᠠᠯ ᠳᠤ ᠶᠠᠭᠠᠬᠢᠭᠰᠠᠨ ᠴᠦ ᠣᠷᠣᠭᠤᠯᠵᠣ ᠪᠣᠯᠬᠤ ᠦᠭᠡᠢ ᠭᠡᠳ ᠠᠷᠠᠳ ᠴᠡᠷᠢᠭ ᠢᠶᠠᠨ ᠳᠠᠶᠢᠴᠢᠯᠠᠨ᠂ ᠠᠷᠢᠭᠤᠨ | ᠰᠡᠳᠬᠢᠯ ᠢᠶᠠᠨ ᠬᠤᠯᠪᠣᠯᠴᠠᠨ᠂ ᠮᠢᠩ ᠤᠨ ᠴᠡᠷᠢᠭ ᠲᠠᠢ ᠭᠡᠳᠣᠨ ᠵᠢᠯ ᠪᠠᠶᠢᠯᠳᠣᠭᠠᠳ ᠢᠯᠠᠭᠳᠠᠯ ᠦᠭᠡᠢ ᠳᠡᠮᠡᠴᠡᠵᠣ᠂ | ᠨᠣᠳᠤᠭ ᠢᠶᠠᠨ ᠬᠠᠮᠠᠭᠠᠯᠠᠭᠰᠠᠭᠠᠷ ᠪᠠᠶᠢᠵᠡᠢ᠃ | ᠬᠠᠳᠠᠭᠤ ᠰᠢᠷᠦᠬᠦᠨ ᠪᠠᠶᠢᠯᠳᠣᠭᠠᠨ ᠢᠶᠠᠷ ᠬᠠᠷ᠎ᠠ ᠪᠠᠭᠠᠳᠣᠷ ᠢ ᠢᠯᠡᠵᠤ ᠴᠢᠳᠠᠬᠤ ᠦᠭᠡᠢ ᠪᠠᠨ ᠮᠡᠳᠡᠭᠡᠳ | ᠮᠢᠩ ᠤᠨ ᠴᠡᠷᠢᠭ ᠠᠷᠭ᠎ᠠ ᠭᠠᠷᠭᠠᠨ ᠪᠠᠰᠢᠷ ᠭᠡᠷᠡᠭᠯᠡᠵᠤ᠂ ᠬᠤᠶᠠᠷ ᠬᠦᠮᠦᠨ ᠢ ᠳᠣᠷᠰᠢᠭᠤᠯ ᠪᠣᠯᠭᠠᠨ ᠬᠤᠳᠠ ᠳᠤ | ᠣᠷᠣᠭᠤᠯᠣᠨ ᠳᠠᠩᠨᠠᠭᠤᠯᠣᠭᠰᠠᠨ ᠳᠤ ᠰᠠᠭᠤᠭᠠᠯᠢ ᠠᠷᠠᠳ ᠤᠨ ᠣᠰᠣᠨ ᠰᠠᠪᠠ ᠨᠢ ᠴᠦᠮ ᠠᠮᠠᠰᠠᠷ ᠢᠶᠠᠷ ᠢᠶᠠᠨ ᠳᠣᠮᠣ᠂ | ᠢᠷᠤᠭᠠᠷ ᠢᠶᠠᠷ ᠢᠶᠠᠨ ᠱᠣᠪᠳᠣᠩ ᠪᠦᠭᠡᠳ ᠭᠠᠯ ᠳᠣᠭᠤᠭᠠᠨ ᠤ ᠦᠬᠢᠳ ᠪᠡᠷᠢᠶᠡᠳ ᠨᠢ ᠭᠠᠷᠴᠣ ᠣᠷᠣᠬᠤ ᠳᠠᠭᠠᠨ | ᠣᠰᠣ ᠮᠠᠭᠳᠠᠭᠰᠠᠨ ᠳᠠᠭᠤᠣ ᠳᠠᠭᠤᠯᠠᠳᠠᠭ ᠪᠠᠶᠢᠭᠰᠠᠨ ᠢ ᠮᠡᠳᠡᠵᠡᠢ᠃ ᠳᠣᠷᠰᠢᠭᠤᠯ ᠡᠨᠡ ᠪᠠᠶᠢᠳᠠᠯ ᠢᠶᠠᠨ ᠮᠢᠩ ᠤᠨ | ᠴᠡᠷᠢᠭ ᠲᠤ ᠮᠡᠳᠡᠬᠦᠯᠦᠭᠰᠡᠨ ᠳᠤ ᠮᠢᠩ ᠤᠨ ᠴᠡᠷᠢᠭ ᠡᠨᠡ ᠬᠤᠳᠠ ᠶᠢᠨ ᠣᠰᠣᠨ ᠡᠬᠢ ᠶᠢ ᠳᠠᠰᠣᠯᠣᠨ | ᠵᠣᠭᠰᠣᠭᠠᠬᠤ ᠪᠠᠷ ᠰᠢᠢᠳᠦᠭᠡᠳ ᠵᠠᠭᠤᠨ ᠳᠦᠮᠡᠨ ᠴᠡᠷᠢᠭ ᠤᠨ ᠮᠠᠯᠠᠭᠠᠢ ᠪᠠᠷ ᠰᠢᠷᠦᠢ ᠡᠯᠡᠰᠣ ᠵᠦᠭᠡᠭᠡᠵᠤ᠂ | ᠬᠤᠳᠠ ᠶᠢᠨ ᠡᠬᠢᠨ ᠤ ᠭᠤᠣᠯ ᠢ ᠪᠣᠭᠤᠵᠣ᠂ ᠣᠰᠣ ᠶᠢ ᠨᠢ ᠦᠭᠡᠷ᠎ᠡ ᠵᠦᠭ ᠲᠤ ᠣᠷᠣᠰᠬᠠᠵᠡᠢ ᠭᠡᠨ᠎ᠡ᠃ ᠭᠤᠤᠯ ᠤᠨ | ᠣᠰᠣ ᠶᠢ ᠢᠩᠭᠢᠵᠣ ᠳᠠᠰᠣᠯᠣᠭᠰᠠᠨ ᠳᠤ ᠬᠤᠳᠠ ᠳᠣᠳᠣᠷᠠᠬᠢ ᠴᠡᠷᠢᠭ ᠠᠷᠠᠳ ᠠᠮᠢᠳᠣᠷᠠᠬᠤ ᠠᠷᠭ᠎ᠠ ᠦᠭᠡᠢ | ᠪᠣᠯᠣᠭᠰᠠᠨ ᠳᠤ ᠬᠠᠷ᠎ᠠ ᠪᠠᠭᠠᠳᠣᠷ ᠣᠯᠠᠨ ᠢᠶᠠᠨ ᠳᠠᠭᠠᠭᠤᠯᠣᠨ ᠬᠤᠳᠳᠤᠭ ᠮᠠᠯᠳᠠᠵᠡᠢ᠃ ᠳᠡᠳᠡ ᠡᠳᠣᠷ ᠰᠦᠨᠢ ᠪᠠᠷ | ᠡᠭᠡᠯᠵᠢᠯᠡᠨ ᠨᠠᠶᠠᠨ ᠬᠤᠣᠰ ᠠᠯᠳᠠ ᠬᠦᠨ ᠮᠠᠯᠳᠠᠭᠰᠠᠨ ᠴᠦ ᠣᠰᠣ ᠭᠠᠷᠤᠭᠰᠠᠨ ᠦᠭᠡᠢ ᠪᠤᠯᠬᠤᠷ ᠨᠢᠭᠡ ᠪᠤᠯ | ᠬᠤᠳᠠ ᠪᠠᠨ ᠣᠷᠬᠢᠨ ᠪᠠᠭᠤᠵᠤ ᠦᠭᠬᠦ᠂ ᠨᠢᠭᠡ ᠪᠣᠯ ᠡᠰᠡᠷᠬᠦᠴᠡᠨ ᠪᠠᠶᠢᠯᠳᠣᠵᠣ ᠦᠬᠦᠵᠤ ᠠᠮᠢᠳᠣᠷᠠᠬᠤ ᠪᠠᠨ | ᠦᠵᠡᠯᠴᠡᠬᠦ ᠳᠤ ᠬᠦᠷᠪᠡ᠃ ᠡᠶᠢᠮᠤ ᠪᠠᠶᠢᠳᠠᠯ ᠤᠨ ᠳᠣᠣᠷ᠎ᠠ ᠬᠠᠷ᠎ᠠ ᠪᠠᠭᠠᠳᠣᠷ ᠬᠢᠭᠡᠳ ᠠᠷᠠᠳ ᠣᠯᠠᠨ ᠴᠡᠷᠢᠭ | ᠪᠦᠬᠦᠳᠡᠭᠡᠷ ᠣᠣᠭᠤᠭᠰᠠᠨ ᠣᠰᠣ ᠪᠠᠨ ᠣᠷᠬᠢᠨ᠂ ᠣᠨᠠᠭᠰᠠᠨ ᠰᠢᠷᠦᠢ ᠪᠠᠨ ᠬᠤᠳᠠᠯᠳᠣᠬᠤ ᠦᠭᠡᠢ᠂ ᠦᠬᠦᠪᠡᠴᠣ | ᠴᠢᠰᠣ ᠪᠠᠨ ᠰᠢᠷᠦᠢ ᠳᠠᠭᠠᠨ ᠰᠢᠩᠭᠡᠭᠡᠨ᠎ᠡ ᠭᠡᠵᠤ ᠠᠮᠠᠯᠠᠯᠳᠣᠭᠠᠳ ᠮᠢᠩ ᠤᠨ ᠵᠠᠭᠤᠨ ᠳᠦᠮᠡᠨ ᠴᠡᠷᠢᠭ ᠢ ᠰᠢᠪᠳᠣᠯᠣᠨ | ᠭᠠᠷᠬᠤ ᠪᠠᠷ ᠰᠢᠢᠳᠴᠡᠢ᠃ | ᠬᠠᠷ᠎ᠠ ᠪᠠᠭᠠᠳᠣᠷ ᠪᠠᠶᠢᠯᠳᠣᠬᠤ ᠪᠡᠯᠡᠳᠭᠡᠯ ᠢᠶᠠᠨ ᠬᠢᠴᠢᠭᠡᠭᠡᠳ ᠠᠯᠳᠠ ᠮᠦᠩᠭᠦ ᠡᠷᠳᠡᠨᠢᠰ ᠢᠶᠠᠨ ᠨᠠᠶᠠᠨ | ᠬᠤᠣᠰ ᠠᠯᠳᠠ ᠬᠦᠨ ᠬᠤᠳᠳᠤᠭ ᠲᠤ ᠬᠢᠵᠣ ᠣᠷᠣᠭᠤᠯᠣᠭᠠᠳ᠂ ᠪᠦᠬᠦ ᠬᠤᠳᠠ ᠶᠢᠨ ᠬᠦᠮᠦᠨ ᠢ ᠴᠣᠭᠯᠠᠭᠤᠯᠤᠨ ︽ | ᠭᠡᠨ ᠡᠳᠡᠭᠡᠷ ᠡᠷᠳᠡᠨᠢᠰ ᠢ ᠰᠠᠬᠢᠨ ᠬᠠᠮᠠᠭᠠᠯᠠᠵᠤ ᠰᠠᠭᠤᠬᠤ ᠪᠤᠢ︕︾ ᠭᠡᠰᠡᠨ ᠳᠤ ᠬᠠᠷ᠎ᠠ ᠪᠠᠭᠠᠳᠣᠷ ᠤᠨ ᠨᠠᠷᠠᠨ | ᠰᠠᠷᠠᠨ ᠭᠡᠤᠭᠡᠨ ᠨᠢ ᠬᠠᠮᠤᠭ ᠤᠨ ᠡᠮᠤᠨ᠎ᠡ ᠭᠠᠷᠴᠣ ᠢᠷᠡᠭᠡᠳ ︽ᠠᠪᠤ ᠶᠢᠨ ᠨᠣᠳᠤᠭ᠂ ᠡᠵᠢ ᠶᠢᠨ ᠦᠮᠴᠢ ᠶᠢ ᠡᠭᠡᠴᠢ | ᠳᠡᠬᠦᠣ ᠪᠢᠳᠠ ᠬᠤᠶᠠᠷ ᠰᠠᠬᠢᠶ᠎ᠠ︾ ᠭᠡᠳ ᠬᠤᠳᠳᠤᠭ ᠲᠤ ᠦᠰᠦᠷᠦᠨ ᠣᠷᠣᠵᠡᠢ᠃ ᠬᠠᠷ᠎ᠠ ᠪᠠᠭᠠᠳᠣᠷ ᠪᠣᠷᠣᠭᠤ | ᠬᠠᠨᠳᠣᠨ ᠣᠬᠢᠯᠠᠵᠣ᠂ ᠵᠦᠪ ᠬᠠᠨᠳᠣᠨ ᠵᠣᠷᠢᠭᠯᠠᠵᠤ᠂ ᠰᠠᠶᠢᠨ ᠭᠡᠣᠭᠡᠨ ᠭᠡᠮᠡᠨ ᠢᠷᠦᠭᠡᠨ᠂ ᠶᠢᠰᠣᠨ ᠳᠡᠮᠣᠷ | ᠳᠣᠭᠤᠭ᠎ᠠ ᠪᠠᠷ ᠳᠠᠷᠤᠭᠠᠳ ᠳᠡᠭᠡᠷ᠎ᠡ ᠠᠴᠠ ᠨᠢ ᠴᠢᠯᠠᠭᠤ ᠰᠢᠷᠦᠢ ᠪᠠᠷ ᠪᠤᠯᠠᠵᠤ ᠳᠠᠯᠪᠢᠵᠣ ᠭᠡᠨ᠎ᠡ᠃ ᠳᠡᠬᠦᠨ ᠠᠴᠠ | ᠬᠤᠶᠢᠰᠢ ᠭᠠᠳᠠᠭᠠᠳᠣ ᠳᠣᠳᠣᠭᠠᠳᠣ ᠶᠢᠨ ᠬᠦᠮᠦᠨ ᠭᠡᠴᠢᠨᠡᠨ ᠣᠳᠠᠭ᠎ᠠ ᠢᠷᠡᠵᠣ ᠡᠨᠡᠬᠦ ᠬᠤᠳᠳᠤᠭ ᠢ ᠮᠠᠯᠳᠠᠨ ᠳᠡᠷᠡᠬᠦ | ᠡᠷᠳᠡᠨᠢᠰ ᠢ ᠠᠪᠬᠤ ᠭᠡᠰᠡᠨ ᠳᠤ ᠬᠤᠷᠢᠨ ᠬᠤᠣᠰ ᠠᠯᠳᠠ ᠮᠠᠯᠳᠠᠬᠤ ᠪᠦᠷᠢ ᠰᠢᠷ᠎ᠠ᠂ ᠨᠣᠭᠤᠭᠠᠨ ᠬᠤᠶᠠᠷ ᠮᠣᠭᠠᠢ | ᠭᠠᠷᠴᠣ ᠢᠷᠡᠭᠡᠳ ᠬᠤᠣᠷᠳᠣ ᠭᠡᠢ ᠳᠠᠯᠪᠢᠬᠤ ᠳᠣᠯᠠ ᠮᠠᠯᠳᠠᠭᠰᠠᠨ ᠬᠦᠮᠦᠨ ᠬᠤᠣᠷᠳᠠᠭᠳᠠᠬᠤ ᠠᠴᠠ ᠪᠢᠰᠢ ᠣᠷᠣᠵᠣ | ᠴᠢᠳᠠᠬᠤ ᠦᠭᠡᠢ ᠶᠤᠮ ᠭᠡᠨ᠎ᠡ᠃ ᠡᠨᠡ ᠬᠤᠶᠠᠷ ᠮᠣᠭᠠᠢ ᠪᠣᠯ ᠳᠠᠷᠦᠢ ᠬᠠᠷ᠎ᠠ ᠪᠠᠭᠠᠳᠣᠷ ᠤᠨ ᠬᠤᠶᠠᠷ ᠦᠬᠢᠨ ᠤ | ᠪᠦᠷᠢᠯᠸ᠎ᠠ ᠭᠡᠵᠤ ᠬᠦᠮᠦᠰ ᠶᠠᠷᠢᠳᠠᠭ᠃ | ᠡᠳ᠋ ᠡᠷᠳᠡᠨᠢᠰ ᠢᠶᠠᠨ ᠪᠤᠯᠠᠵᠤ ᠳᠠᠯᠪᠢᠴᠢᠬᠠᠭᠠᠳ᠂ ᠬᠠᠷ᠎ᠠ ᠪᠠᠭᠠᠳᠣᠷ ᠴᠡᠷᠢᠭ ᠢᠶᠠᠨ ᠳᠠᠭᠠᠭᠤᠯᠣᠨ ᠮᠢᠩ ᠤᠨ | ᠴᠡᠷᠢᠭ ᠲᠠᠢ ᠠᠰ ᠳᠣᠯᠣᠨ ᠰᠢᠪᠳᠣᠯᠣᠨ ᠭᠠᠷᠤᠭᠰᠠᠨ ᠳᠤ ᠳᠠᠰᠣᠯᠣᠭᠳᠠᠭᠰᠠᠨ ᠭᠤᠣᠯ ᠤᠨ ᠣᠰᠣ ᠨᠢ ᠪᠣᠳᠣᠭᠤ ᠲᠠᠢ | ᠢᠩᠭᠡ ᠰᠢᠭ ᠪᠤᠶᠢᠯᠠᠭᠰᠠᠭᠠᠷ᠂ ᠭᠡᠤᠭᠡᠳ ᠲᠠᠢ ᠡᠭᠡᠨᠡᠷ ᠰᠢᠭ ᠣᠬᠢᠯᠠᠭᠰᠠᠭᠠᠷ ᠬᠠᠷ᠎ᠠ ᠪᠠᠭᠠᠳᠣᠷ ᠢᠶᠠᠨ ᠳᠠᠭᠠᠵᠣ | ᠣᠷᠣᠰᠴᠣ᠂ ᠡᠵᠡᠨ᠎ᠡ ᠭᠤᠣᠯ ᠠᠴᠠ ᠬᠠᠳᠣᠨ ᠮᠦᠷᠡᠨ᠎ᠡ ᠬᠦᠷᠴᠣ ᠭᠡᠨ᠎ᠡ᠃ ᠡᠶᠢᠮᠤ ᠠᠴᠠ ᠠᠭᠤᠯᠠ ᠪᠤᠯᠭᠠᠨ | ᠣᠷᠣᠭᠰᠢ ᠪᠠᠨ ᠬᠠᠷᠠᠵᠣ᠂ ᠣᠰᠣ ᠪᠣᠯᠭᠠᠨ ᠵᠡᠬᠦᠨ ᠡᠮᠣᠨᠡᠰᠢ ᠪᠠᠨ ᠣᠷᠣᠰᠬᠤ ᠪᠣᠯᠣᠭᠰᠠᠨ ᠨᠢ ᠨᠣᠳᠤᠭ ᠲᠠᠭᠠᠨ | ᠬᠠᠶᠢᠷᠠᠳᠠᠢ ᠬᠠᠷ᠎ᠠ ᠪᠠᠭᠠᠳᠣᠷ ᠢ ᠳᠣᠷᠠᠰᠬᠠᠨ ᠭᠠᠰᠢᠭᠤᠳᠠᠭᠰᠠᠨ ᠳᠠᠭᠠᠨ ᠡᠶᠢᠮᠤ ᠪᠣᠯᠣᠭᠰᠠᠨ ᠪᠦᠭᠡᠳ ᠳᠡᠬᠦᠨ ᠤ | ᠪᠠᠶᠢᠭᠰᠠᠨ ᠬᠤᠳᠠ ᠳᠣᠭᠤᠷᠢᠭ ᠲᠠᠬᠢ ᠣᠢ ᠰᠢᠭᠤᠢ ᠨᠢ ᠣᠰᠣ ᠦᠭᠡᠢ ᠭᠠᠩᠳᠠᠨ ᠬᠤᠪᠬᠠᠶᠢᠷᠠᠬᠤ ᠳᠠᠭᠠᠨ ᠪᠦᠷ ᠵᠡᠬᠦᠨ | ᠡᠮᠣᠨᠡᠰᠢ ᠬᠠᠨᠳᠣᠨ ᠬᠠᠵᠡᠶᠢᠵᠤ ᠣᠨᠠᠭᠰᠠᠨ ᠨᠢ ᠬᠠᠷ᠎ᠠ ᠪᠠᠭᠠᠳᠣᠷ ᠲᠤ ᠶᠣᠰᠣ ᠬᠢᠭᠡᠳ ᠣᠳᠣ ᠪᠣᠯᠳᠠᠯ᠎ᠠ ᠳᠣᠯᠣᠭᠠᠢ ᠪᠠᠨ | ᠡᠷᠬᠦᠭᠡ ᠦᠭᠡᠢ ᠪᠠᠶᠢᠭ᠎ᠠ ᠶᠤᠮ ᠭᠡᠨ᠎ᠡ᠃ | ᠡᠨᠡᠬᠦ ᠬᠤᠳᠠ ᠶᠢ ᠳᠡᠬᠦᠨ ᠤ ᠬᠠᠮᠠᠭᠠᠯᠠᠨ ᠵᠠᠬᠢᠷᠤᠭᠴᠢ ᠡᠵᠡᠨ ᠤ ᠬᠢᠨᠢ ᠨᠡᠷ᠎ᠡ ᠪᠠᠷ ᠨᠡᠷᠡᠶᠢᠳᠴᠣ ︽ᠬᠠᠷ᠎ᠠ | ᠬᠤᠳᠠ︾ ᠭᠡᠵᠤ ᠳᠠᠭᠤᠳᠠᠳᠠᠭ ᠪᠣᠯᠣᠭᠰᠠᠨ ᠭᠡᠨ᠎ᠡ᠃ | ᠭᠤᠷᠪᠠ᠂ ︽ᠬᠠᠷ᠎ᠠ ᠬᠤᠳᠠ︾ ᠭᠡᠵᠤ ᠨᠠᠮᠠᠢᠢ ᠪᠠᠭ᠎ᠠ ᠪᠠᠶᠢᠬᠤ ᠳᠤ ᠬᠦᠭᠰᠢᠨ ᠬᠦᠮᠦᠨ ᠭᠡᠯᠡᠳᠡᠭ ᠪᠠᠶᠢᠭᠰᠠᠨ᠃ | ᠳᠡᠨᠳᠡ ᠡᠳ᠋ ᠡᠷᠳᠡᠨᠢᠰ ᠤᠨ ᠵᠦᠢᠯ ᠶᠡᠭᠡ ᠪᠠᠶᠢᠳᠠᠭ᠂ ᠠᠯᠳᠠ ᠮᠦᠩᠭᠦ ᠪᠠᠶᠢᠳᠠᠭ ᠴᠦ ᠠᠪᠴᠣ ᠪᠣᠯᠳᠠᠭ ᠦᠭᠡᠢ ᠭᠡᠵᠤ | ᠭᠡᠯᠡᠯᠴᠡᠳᠡᠭ᠃ | | | | ᠬᠠᠷ᠎ᠠ ᠬᠤᠳᠠ ᠠᠴᠠ ᠲᠦᠷᠤᠬᠦᠤ ᠪᠠᠰᠠ᠂ ᠣᠯᠠᠭᠠᠨ᠂ ᠨᠣᠭᠤᠭᠠᠨ᠂ ᠰᠢᠷ᠎ᠠ ᠬᠤᠳᠠ ᠪᠠᠶᠢᠭᠰᠠᠨ ᠭᠡᠳᠡᠭ᠃ | ᠳᠡᠷᠡ ᠪᠤᠯ ᠵᠢᠩᠭᠢᠨᠢ ᠬᠠᠭᠤᠴᠢᠨ ᠭᠤᠷᠪᠠᠨ ᠶᠡᠭᠡ ᠬᠤᠳᠠ ᠶᠤᠮ ᠭᠡᠨ᠎ᠡ᠃ ᠬᠠᠷ᠎ᠠ ᠬᠤᠳᠠ ᠭᠡᠳᠡᠭ ᠢ ᠰᠡᠬᠦᠯ ᠳᠤᠨᠢ | ᠬᠠᠷ᠎ᠠ ᠪᠠᠭᠠᠳᠣᠷ ᠢᠷᠡᠵᠣ ᠪᠠᠶᠢᠭᠤᠯᠣᠭᠰᠠᠨ ᠭᠡᠳᠡᠭ᠃ ᠳᠡᠭᠡᠭᠡᠳ ᠬᠠᠷ᠎ᠠ ᠬᠤᠳᠠ ᠭᠡᠵᠤ ᠨᠡᠷᠡᠯᠡᠭᠰᠡᠨ ᠶᠤᠮ ᠭᠡᠳᠡᠭ | ᠭᠡᠯᠡᠯᠭᠡ ᠪᠠᠶᠢᠳᠠᠭ᠃ | ᠬᠠᠷ᠎ᠠ ᠬᠤᠳᠠ ᠶᠠᠭᠠᠬᠢᠭᠠᠳ ᠪᠠᠯᠠᠷᠠᠴᠢᠬᠠᠭᠰᠠᠨ ᠪᠤᠢ ᠭᠡᠪᠡᠯ ᠪᠠᠰᠠ ᠡᠶᠢᠮᠤ ᠨᠢᠭᠡ ᠳᠣᠮᠤᠭ ᠭᠡᠯᠡᠯᠭᠡ ᠪᠠᠶᠢᠳᠠᠭ᠃ | ᠬᠠᠷ᠎ᠠ ᠪᠠᠭᠠᠳᠣᠷ᠂ ᠬᠠᠭᠠᠨ ᠤ ᠭᠡᠤᠭᠡᠨ ᠠᠪᠤᠭᠰᠠᠨ ᠶᠤᠮ ᠪᠠᠶᠢᠵᠡᠢ ᠭᠡᠨ᠎ᠡ᠃ ᠪᠠᠰᠠ ᠨᠢᠭᠡ ᠰᠣᠨᠣᠰᠬᠠᠯ ᠳᠤ ᠬᠤᠪᠢᠯᠠᠢ | ᠰᠡᠴᠡᠨ ᠬᠠᠭᠠᠨ ᠳᠤ ᠴᠡᠷᠢᠭ ᠰᠠᠶᠢᠨ ᠣᠳᠣᠷᠢᠳᠴᠣ ᠵᠠᠷᠯᠢᠭ ᠢ ᠨᠢ ᠰᠠᠶᠢᠨ ᠰᠣᠨᠣᠰᠳᠠᠭ ᠨᠢᠭᠡ ᠵᠠᠯᠠᠭᠤ ᠵᠠᠩᠵᠤᠨ | ᠪᠠᠶᠢᠭᠰᠠᠨ ᠭᠡᠨ᠎ᠡ᠃ | ᠬᠠᠭᠠᠨ ᠳᠡᠬᠦᠨ ᠢ ᠳᠣᠭᠤᠵᠣ ᠭᠡᠣᠭᠡᠨ ᠢᠶᠠᠨ ᠪᠣᠭᠳᠣᠯᠠᠵᠣ ᠦᠭᠬᠦᠭᠡᠳ ᠡᠨᠡ ᠬᠤᠳᠠ ᠶᠢ ᠰᠠᠬᠢᠭᠤᠯᠵᠣ | ᠬᠤᠳᠠ ᠶᠢᠨ ᠡᠵᠡᠨ ᠪᠣᠯᠭᠠᠵᠣ ᠳᠣᠮᠢᠯᠠᠭᠰᠠᠨ ᠭᠡᠨ᠎ᠡ᠃ | ᠬᠤᠪᠢᠯᠠᠢ ᠰᠡᠴᠡᠨ ᠬᠠᠭᠠᠨ ᠦᠷᠬᠦᠯᠵᠢ ᠭᠡᠳᠣᠨ ᠳᠦᠮᠡᠨ ᠠᠳᠣᠭᠤ ᠪᠠᠨ ᠳᠠᠭᠤᠵᠣ ᠬᠦᠷᠭᠡᠨ ᠳᠡᠭᠡᠨ ᠬᠦᠷᠭᠡᠵᠤ | ᠢᠷᠡᠳᠡᠭ᠃ ᠭᠡᠤᠭᠡᠨ ᠬᠦᠷᠭᠡᠨ ᠬᠤᠶᠠᠭᠤᠯᠠ ᠪᠠᠨ ᠪᠠᠶᠢᠷᠢ ᠪᠡᠯᠴᠢᠭᠡᠷ ᠳᠣᠬᠢᠷᠠᠭᠤᠯᠣᠭᠠᠳ᠂ ᠪᠠᠭ᠎ᠠ ᠪᠠᠭ᠎ᠠ ᠪᠠᠷ | ᠨᠡᠬᠦᠳᠡᠯᠯᠡᠵᠤ ᠶᠠᠪᠤᠭᠠᠳ ᠪᠣᠴᠠᠭᠠᠳ ᠬᠦᠷᠬᠦ ᠳᠤ ᠠᠳᠣᠭᠤ ᠨᠢ ᠬᠦᠴᠣ ᠳᠠᠷᠭᠤ ᠬᠦᠢᠴᠡᠭᠡᠳ ᠰᠠᠶᠢᠬᠠᠨ ᠪᠣᠯᠳᠠᠭ᠃ | ᠡᠵᠡᠨ ᠬᠠᠭᠠᠨ ᠦᠪᠡᠷ ᠤᠨ ᠠᠳᠣᠭᠤ ᠪᠠᠨ ᠦᠵᠡᠴᠢᠭᠡᠭᠡᠳ ᠮᠠᠨ ᠤ ᠬᠦᠷᠭᠡᠨ ᠶᠡᠭᠡ ᠰᠠᠶᠢᠨ ᠪᠠᠶᠢᠨ᠎ᠠ᠂ | ᠠᠳᠣᠭᠤ ᠴᠦ ᠰᠠᠶᠢᠨ ᠪᠠᠶᠢᠨ᠎ᠠ ᠭᠡᠵᠤ ᠶᠡᠭᠡ ᠪᠠᠶᠠᠷᠯᠠᠳᠠᠭ ᠪᠠᠶᠢᠵᠤ ᠭᠡᠨ᠎ᠡ᠃ ᠳᠡᠭᠡᠵᠤ ᠪᠠᠶᠢᠭᠠᠳ ᠬᠠᠷ᠎ᠠ ᠪᠠᠭᠠᠳᠣᠷ | ᠬᠠᠳᠠᠮ ᠡᠴᠢᠭᠡ ᠶᠢᠨ ᠢᠶᠠᠨ ᠬᠠᠭᠠᠨ ᠳᠦᠷᠤ ᠶᠢ ᠪᠤᠯᠢᠶᠠᠬᠤ ᠪᠣᠳᠣᠯ ᠣᠷᠣᠭᠠᠳ ᠬᠠᠳᠣᠨ ᠳᠠᠭᠠᠨ ᠮᠡᠳᠡᠬᠦᠯᠬᠦ | ᠦᠭᠡᠢ ᠪᠠᠷ ᠨᠢᠭᠤᠴᠠ ᠪᠡᠯᠡᠳᠭᠡᠯ ᠬᠢᠵᠤ᠂ ᠨᠢᠭᠡ ᠯᠠ ᠬᠦᠳᠡᠯᠪᠡᠯ ᠡᠷᠭᠡ ᠶᠢ ᠨᠢ ᠠᠪᠬᠤ ᠭᠡᠵᠤ ᠪᠣᠳᠣᠵᠡᠢ᠃ | ᠬᠠᠭᠠᠨ ᠤ ᠬᠦᠩᠵᠣ ᠡᠬᠦᠨ ᠢ ᠨᠢ ᠰᠡᠷᠡᠵᠣ ᠮᠡᠳᠡᠭᠡᠳ ᠶᠡᠭᠡ ᠰᠠᠨᠳᠣᠷᠴᠣ᠂ ᠬᠡᠯᠡ ᠴᠢᠮᠡᠭᠡ ᠶᠠᠪᠤᠭᠤᠯᠬᠤ | ᠠᠷᠭ᠎ᠠ ᠪᠣᠳᠣᠵᠣ᠂ ᠬᠤᠯᠤᠰᠤᠨ ᠤ ᠬᠦᠨᠳᠡᠢ ᠳᠣᠳᠣᠷ᠎ᠠ ᠪᠢᠴᠢᠭ ᠬᠢᠵᠤ ᠪᠦᠭᠯᠡᠭᠡᠳ ᠰᠢᠪᠠᠭᠤᠨ ᠤ ᠬᠦᠵᠦᠬᠦᠨ ᠳᠤ | ᠣᠶᠠᠵᠤ ︽ᠬᠠᠭᠠᠨ ᠠᠪᠤ ᠳᠤ ᠠᠪᠠᠴᠢᠵᠣ ᠦᠭ︾ ᠭᠡᠳ ᠶᠠᠪᠤᠭᠤᠯᠵᠤ ᠭᠡᠨ᠎ᠡ᠃ | ᠨᠢᠭᠡ ᠡᠳᠣᠷ ᠬᠤᠪᠢᠯᠠᠢ ᠬᠠᠭᠠᠨ ᠤ ᠭᠡᠷ ᠤᠨ ᠦᠢᠷᠠᠬᠠᠨ ᠨᠢᠭᠡ ᠰᠢᠪᠠᠭᠤ ᠢᠷᠡᠭᠡᠳ ᠳᠣᠩᠭᠤᠳᠣᠭᠠᠳ ᠪᠠᠶᠢᠨ᠎ᠠ | ᠭᠡᠨ᠎ᠡ᠃ ︽ᠡᠨᠡ ᠰᠢᠪᠠᠭᠤ ᠶᠠᠭᠠᠬᠢᠭᠠᠳ ᠳᠣᠩᠭᠤᠳᠣᠭᠠᠳ ᠪᠠᠶᠢᠨ᠎ᠠ᠂ ᠬᠠᠷ᠎ᠠ︾ ᠭᠡᠵᠣ ᠬᠠᠭᠠᠨ ᠭᠡᠯᠡᠵᠡᠢ᠃ | ᠬᠠᠷᠠᠭᠰᠠᠨ ᠴᠢᠨᠢ ᠬᠦᠵᠦᠬᠦᠨ ᠳᠡᠭᠡᠨ ᠨᠢᠭᠡ ᠶᠠᠭᠤᠮ᠎ᠠ ᠵᠡᠬᠦᠭᠰᠡᠨ ᠶᠤᠮ ᠰᠢᠭ ᠬᠠᠷᠠᠭᠳᠠᠵᠣ ᠭᠡᠨ᠎ᠡ᠃ ︽ᠪᠠᠷᠢᠵᠤ | ᠠᠪᠤᠭᠠᠳ ᠢᠷ᠎ᠠ︾ ᠭᠡᠵᠤ ᠬᠠᠭᠠᠨ ᠭᠡᠯᠡᠬᠦ ᠪᠠᠷ ᠨᠢ ᠪᠠᠷᠢᠭᠰᠠᠨ ᠴᠢᠨᠢ ᠨᠤᠮᠤᠬᠠᠨ ᠰᠢᠪᠠᠭᠤ ᠪᠠᠶᠢᠵᠤ᠂ ᠦᠵᠡᠭᠰᠡᠨ | ᠴᠢᠨᠢ ᠬᠦᠵᠦᠬᠦᠨ ᠳᠤᠨᠢ ᠬᠤᠯᠣᠰᠣᠨ ᠪᠢᠴᠢᠭ ᠪᠠᠶᠢᠵᠤ᠂ ︽ᠬᠦᠷᠭᠡᠨ ᠴᠢᠨᠢ ᠳᠦᠷᠤ ᠶᠢ ᠴᠢᠨᠢ ᠠᠪᠬᠤ ᠭᠡᠵᠤ ᠪᠠᠶᠢᠨ᠎ᠠ | ᠂ ᠬᠠᠭᠠᠨ ᠠᠪᠤ ᠭᠡᠭᠡᠨ ᠳᠡᠭᠡᠨ ᠳᠣᠯᠢᠳᠠᠬᠤ ᠪᠣᠯᠪᠠ ᠤᠤ︾ ᠭᠡᠰᠡᠨ ᠭᠡᠳᠣᠨ ᠦᠰᠦᠭ ᠲᠠᠢ ᠭᠡᠣᠭᠡᠨ ᠤ ᠵᠠᠬᠢᠶ᠎ᠠ ᠪᠠᠶᠢᠨ᠎ᠠ | ᠭᠡᠨ᠎ᠡ᠃ ᠳᠡᠭᠡᠬᠦᠯᠡᠷ ᠬᠠᠭᠠᠨ ᠨᠦᠬᠦᠭᠡ ᠳᠣᠭᠤᠵᠣ ᠪᠠᠶᠢᠭᠰᠠᠨ ᠬᠦᠷᠭᠡᠨ ᠳᠡᠭᠡᠨ ᠠᠭᠤᠷᠯᠠᠵᠣ᠂ ᠴᠣᠬᠢᠭᠠᠳ | ᠬᠠᠶᠠᠴᠢᠬ᠎ᠠ ᠭᠡᠵᠤ ᠴᠡᠷᠢᠭ ᠳᠣᠮᠢᠯᠠᠭᠰᠠᠨ ᠣᠴᠢᠷ ᠪᠠᠶᠢᠳᠠᠭ ᠭᠡᠨ᠎ᠡ᠃ ᠳᠡᠭᠡᠭᠡᠳ ᠬᠠᠭᠠᠨ ᠤ ᠴᠡᠷᠢᠭ ᠴᠣᠬᠢᠬᠤ ᠳᠤ | ᠴᠣᠬᠢᠵᠣ ᠬᠦᠴᠦᠷᠡᠭᠳᠡᠬᠦ ᠦᠭᠡᠢ ᠪᠤᠯᠬᠤᠷ ᠰᠢᠨᠵᠢᠭᠡᠴᠢ ᠪᠠᠷ ᠰᠢᠨᠵᠢᠬᠦᠯᠦᠭᠡᠳ ᠣᠰᠣ ᠶᠢ ᠨᠢ ᠬᠠᠭᠠᠵᠤ ᠬᠠᠳᠠᠭᠠᠵᠤ | ᠬᠠᠶᠠᠭᠰᠠᠨ ᠭᠡᠳᠡᠭ ᠭᠡᠯᠡᠯᠭᠡ ᠪᠠᠶᠢᠳᠠᠭ᠃ ᠭᠤᠤᠯ ᠨᠢ ᠬᠠᠳᠠᠮ ᠠᠪᠤ ᠶᠢᠨ ᠢᠶᠠᠨ ᠳᠦᠷᠤ ᠶᠢ ᠠᠪᠬᠤ ᠭᠡᠵᠤ ᠪᠠᠶᠢᠵᠤ | ᠪᠠᠯᠠᠷᠠᠭᠰᠠᠨ ᠶᠤᠮ ᠭᠡᠨ᠎ᠡ᠃ | ︽ᠠᠯᠠᠱᠠ ᠶᠢᠨ ᠭᠠᠵᠠᠷ ᠣᠰᠣᠨ ᠤ ᠨᠡᠷᠡᠰ ᠤᠨ ᠢᠷᠡᠯᠳᠡ ᠪᠠ ᠳᠣᠮᠤᠭ︾ ᠨᠤᠮ ᠠᠴᠠ ᠠᠪᠤᠪᠠ |