ᠲᠤᠬᠳᠠᠮᠠᠯ ᠡᠮᠴᠢ ᠪᠠᠷ ᠡᠮᠴᠢᠯᠡᠬᠦᠯᠪᠠᠯ ᠦᠬᠦᠯᠳᠡ ᠶᠢᠨ ᠨᠤᠷᠮ᠎ᠠ ᠶᠢ ᠪᠠᠭᠤᠷᠠᠭᠤᠯᠵᠤ ᠪᠤᠯᠤᠨ᠎ᠠ
ᠨᠡᠶᠢᠲᠡᠯᠡᠭᠰᠡᠨ ᠴᠠᠭ᠄
2018/7/18
       ᠲᠤᠬᠳᠠᠮᠠᠯ ᠡᠮᠴᠢ ᠪᠠᠷ ᠡᠮᠴᠢᠯᠡᠬᠦᠯᠦᠭᠰᠡᠨ ᠡᠪᠡᠳᠴᠢᠳᠡᠨ ᠤ ᠦᠬᠦᠯᠳᠡ ᠶᠢᠨ ᠨᠤᠷᠮ᠎ᠠ ᠨᠢ ᠨᠡᠯᠢᠶᠡᠳ ᠲᠤᠤᠷ᠎ᠡ ᠬᠡᠳᠡᠭ ᠢ ᠠᠩᠭ᠍ᠯᠢ ᠶᠢᠨ ᠰᠢᠨᠵᠢᠯᠡᠬᠦ ᠤᠬᠠᠭᠠᠨᠳᠠᠨ ᠤ ᠨᠢᠭᠡᠨ ᠰᠢᠨ᠎ᠠ ᠰᠤᠳᠤᠯᠭᠠᠨ ᠳᠤ ᠢᠯᠡᠷᠡᠬᠦᠯᠵᠠᠢ᠃       ᠠᠩᠭ᠍ᠯᠢ ᠶᠢᠨ ᠡᠸ᠋ᠷᠰᠧᠲ᠋ᠧᠷ ᠶᠡᠭᠡ ᠰᠤᠷᠭᠠᠭᠤᠯᠢ ᠶᠢᠨ ᠰᠤᠳᠤᠯᠭᠠᠨ   ᠤ  ᠠᠵᠢᠯᠳᠠᠨ  ᠠᠳᠠᠯᠢ  ᠪᠤᠰᠤ  ᠡᠮᠴᠢᠯᠡᠭᠡᠨ  ‍ᠤ‌‍ᠰᠢᠰᠲ᠋ᠧᠮ ᠲᠤᠤᠷᠡᠬᠢ 9 ᠤᠯᠤᠰ ᠪᠠ ᠭᠠᠵᠠᠷ ᠤᠷᠤᠨ ᠤ 22 ᠵᠦᠢᠯ ᠤᠨ ᠰᠤᠳᠤᠯᠭᠠᠨ ᠤ ᠲᠤᠭ᠎ᠠ ᠪᠠᠷᠢᠮᠳᠠ ᠳᠤ  ᠵᠠᠳᠠᠯᠤᠯᠳᠡ ᠬᠢᠵᠤ᠂ ᠲᠡᠭᠡᠷᠡᠬᠢ ᠳ᠋ᠦᠩᠨᠡᠯᠳᠡ ᠶᠢ ᠠᠩᠬ᠎ᠠ ᠠᠯᠬᠤᠮ ᠤᠯᠤᠭᠰᠠᠨ ᠪᠠᠶᠢᠨ᠎ᠠ᠃ ᠡᠬᠦᠨ ᠳᠤ᠂ ᠦᠢᠷ᠎ᠠ ᠳᠤ ᠲᠤᠮᠳᠠᠳᠤ ᠤᠯᠤᠰ ‍ᠤᠨ‌‍ᠲ᠋ᠠᠶᠢᠸᠠᠨ   ᠳᠤ  ᠬᠢᠭᠰᠡᠨ  40  ᠲᠦᠮᠡᠨ  ᠰᠢᠬᠢᠷ  ᠰᠢᠵᠢᠩ  ᠡᠪᠡᠳᠴᠢᠳᠠᠨ   ᠢ  ᠬᠠᠮᠤᠷᠤᠭᠰᠠᠨ  ᠨᠢᠭᠡᠨ  ᠰᠤᠳᠤᠯᠭᠠᠨ   ᠳᠤ ᠢᠯᠡᠷᠡᠬᠦᠯᠦᠭᠰᠡᠨ ᠢᠶᠠᠷ᠂ ᠦᠷᠬᠦᠯᠵᠢ ᠡᠮᠴᠢ ᠰᠤᠯᠢᠵᠤ ᠡᠮᠴᠢᠯᠡᠬᠦᠯᠳᠡᠭ ᠡᠪᠡᠳᠴᠢᠳᠠᠨ ᠲᠠᠢ ᠬᠠᠷᠢᠴᠠᠭᠤᠯᠪᠠᠯ ᠤᠷᠳᠤ ᠬᠤᠭᠤᠴᠠᠭ᠎ᠠ ᠪᠠᠷ ᠠᠳᠠᠯᠢ ᠨᠢᠭᠡ ᠡᠮᠴᠢ ᠪᠠᠷ ᠡᠮᠴᠢᠯᠡᠬᠦᠯᠳᠡᠭ ᠡᠪᠡᠳᠴᠢᠳᠡᠨ ᠤ ᠦᠬᠦᠯᠳᠡ ᠶᠢᠨ ᠨᠤᠷᠮ᠎ᠠ ᠨᠢ 50%  ᠤᠷᠴᠢᠮ  ᠪᠠᠭᠤᠷᠠᠳᠠᠭ‌‍ᠶᠤᠮ᠃ ᠠᠳᠡ ᠭᠡᠯᠡᠵᠤ ᠪᠠᠶᠢᠭ᠎ᠠ ᠲᠤᠬᠳᠠᠮᠠᠯ ᠡᠮᠴᠢ ᠶᠢᠨ ᠦᠷᠬᠦᠯᠵᠢᠯᠡᠬᠦ ᠴᠢᠨᠠᠷᠳᠠᠢ ᠡᠮᠴᠢᠯᠡᠭᠡ ᠨᠢ ᠭᠡᠷ  ᠪᠦᠯᠢ   ᠶᠢᠨ  ᠡᠮᠴᠢ᠂ᠶᠡᠷᠤᠩᠭᠡᠢ ᠰᠠᠯᠠᠭᠠᠨ ᠤ ᠡᠮᠴᠢ ᠳᠤ ᠬᠤᠯᠪᠤᠬᠳᠠᠨ᠂ ᠲᠤᠰᠬᠠᠢ ᠮᠡᠷᠭᠡᠵᠢᠯ   ᠤᠨ  ᠡᠪᠡᠳᠴᠢᠨ  ᠡᠮᠭᠡᠭ᠂  ᠤᠶᠤᠨ  ᠮᠡᠳᠡᠷᠡᠯ  ‍ᠤᠨ‌ᠡᠪᠡᠳᠴᠢᠨ ᠪᠤᠯᠤᠨ ᠭᠠᠳᠠᠷ ᠡᠮᠨᠡᠯᠭᠡ ᠵᠡᠷᠭᠡ ᠬᠥᠷᠢᠶ᠎ᠡ ᠪᠠᠭᠳᠠᠨ᠎ᠠ᠃       ᠰᠤᠳᠤᠯᠭᠠᠨ ᠤ ᠠᠵᠢᠯᠳᠠᠨ ᠵᠢᠭᠠᠵᠤ ᠭᠠᠷᠭᠠᠭᠰᠠᠨ ᠨᠢ᠂ ᠠᠳᠠᠯᠢ ᠨᠢᠭᠡ ᠡᠮᠴᠢ ᠪᠠᠷ  ᠡᠮ᠊ ᠴᠢᠯᠡᠬᠦᠯᠬᠦ  ᠡᠪᠡᠳᠴᠢᠳᠠᠨ  ᠨᠢ‌ᠡᠮᠴᠢ ᠶᠢᠨ ᠵᠠᠬᠢᠶ᠎ᠠ ᠶᠢ ᠨᠡᠩ ᠴᠢᠩᠭ᠎ᠠ ᠵᠢᠷᠤᠮᠯᠠᠵᠤ᠂ ᠡᠭᠡᠯᠢᠯᠡᠭᠡ ᠵᠡᠷᠭᠡ ᠰᠡᠷᠭᠡᠶᠢᠯᠡᠬᠦ ᠴᠢᠨᠠᠷᠳᠠᠢ ᠡᠮᠴᠢᠯᠡᠭᠡ ᠶᠢᠨ ᠠᠷᠭ᠎ᠠ  ᠬᠡᠮᠵᠢᠶ᠎ᠡ ᠶᠢ ᠨᠡᠩ ᠢᠳᠡᠪᠬᠢᠳᠠᠢ ᠬᠥᠯᠢᠶᠡᠵᠤ ᠲᠠᠶᠢᠯᠬᠦ ᠪᠦᠭᠡᠳ ᠡᠮᠨᠡᠬᠦᠯᠦᠭᠰᠡᠨ ᠦᠷ᠎ᠡ ᠳ᠋ᠦᠩ ᠳᠤ ᠨᠡᠩ ᠬᠠᠨᠤᠮᠵᠢᠳᠠᠢ ᠪᠤᠯᠬᠤ ᠶᠢᠨ ᠤᠯᠠᠮ‌ᠡᠴᠠ ᠬᠡᠷᠡᠭ ᠦᠭᠡᠢ ᠪᠠᠷ ᠡᠮᠨᠡᠯᠭᠡ ᠳᠤ ᠰᠠᠭᠤᠬᠤ ᠲᠤᠬᠢᠶᠠᠯᠳᠤᠮᠵᠢ  ᠶᠢ ᠴᠦ ᠶᠡᠭᠡ ᠪᠠᠷ ᠪᠠᠭᠤᠷᠠᠭᠤᠯᠵᠤ ᠪᠤᠯᠤᠨ᠎ᠠ᠃ ᠡᠪᠡᠳᠴᠢᠳᠠᠨ‌ᠦᠪᠡᠷ ᠤᠨ ᠰᠠᠶᠢᠨ ᠮᠡᠳᠡᠳᠡᠭ ᠪᠦᠭᠡᠳ ᠰᠠᠶᠢᠨ ᠬᠠᠷᠢᠴᠠᠭ᠎ᠠ ᠲᠠᠢ ᠡᠮᠴᠢ ᠪᠠᠷ ᠡᠮᠴᠢᠯᠡᠬᠦᠯᠪᠠᠯ ᠬᠤᠭᠤᠷᠤᠨᠳᠤ ᠪᠠᠨ  ᠨᠡᠩ  ᠰᠠᠶᠢᠨ‌ᠨᠡᠪᠳᠡᠷᠡᠯᠴᠡᠵᠤ᠂ ᠡᠮᠴᠢ ᠴᠦ ᠤᠯᠠᠨ ᠠᠷᠪᠢᠨ ᠮᠡᠳᠡᠭᠡ ᠵᠠᠩᠬᠢ   ᠶᠢ  ᠤᠯᠵᠤ  ᠪᠤᠯᠤᠨ᠎ᠠ᠂  ᠴᠢᠨᠠᠭᠰᠢᠯᠠᠪᠠᠯ  ᠵᠠᠷᠢᠮ  ᠦᠶ᠎ᠡ   ᠳᠤ ᠡᠪᠡᠳᠴᠢᠳᠠᠨ ᠤ ᠨᠡᠩ ᠨᠢᠭᠤᠴᠠ ᠪᠡᠶ᠎ᠡ ᠶᠢᠨ ᠪᠠᠶᠢᠳᠠᠯ ᠢ ᠦᠢᠯᠠᠭᠠᠵᠤ ᠮᠡᠳᠡᠬᠦ ᠶᠢᠨ ᠤᠯᠠᠮ ᠠᠴᠠ ᠡᠮᠴᠢ ᠶᠢᠨ ᠵᠠᠬᠢᠶ᠎ᠠ   ᠶᠢ  ᠨᠡᠩ ᠰᠠᠶᠢᠨ ᠬᠠᠩᠭᠠᠵᠤ᠂ ᠡᠪᠡᠳᠴᠢᠳᠠᠨ ᠤ ᠪᠤᠳᠠᠳᠠᠢ ᠪᠤᠳᠠᠳᠠᠢ ᠬᠡᠷᠡᠭᠴᠡᠭᠡ ᠳᠤ ᠶᠠᠪ ᠴᠠᠪ ᠨᠡᠶᠢᠴᠡᠭᠰᠡᠨ ᠡᠮᠨᠡᠬᠦ  ᠲᠦᠰᠤᠯ  ᠭᠠᠷᠭᠠᠵᠤ ᠴᠢᠳᠠᠨ᠎ᠠ᠃       ᠠᠩᠭ᠍ᠯᠢ ᠳᠤ᠂ ᠲᠤᠬᠳᠠᠮᠠᠯ ᠡᠮᠴᠢ ᠪᠠᠷ ᠡᠮᠴᠢᠯᠡᠬᠦᠯᠬᠦ ᠡᠪᠡᠳᠴᠢᠳᠠᠨ ᠤ ᠲᠤᠭ᠎ᠠ ᠨᠢ  ᠦᠢᠷ᠎ᠠ   ᠶᠢᠨ  ᠵᠢᠯ   ᠤᠳ   ᠲᠤ ᠪᠠᠭᠤᠷᠠᠬᠤ ᠬᠠᠨᠳᠤᠰᠢ ᠲᠠᠢ ᠪᠤᠯᠵᠤ ᠪᠠᠶᠢᠨ᠎ᠠ᠃ ᠶᠡᠷᠤᠩᠭᠡᠢ ᠰᠠᠯᠠᠭᠠᠨ ᠤ ᠡᠮᠴᠢ ᠶᠢᠨ ᠬᠥᠷᠢᠶᠡᠨ ᠳᠤ᠂ ᠲᠤᠰ ᠬᠠᠷᠢᠴᠠᠯ   ᠨᠢ  5ᠵᠢᠯ ᠤᠨ ᠲᠤᠳᠤᠷ᠎ᠠ 27% ᠪᠠᠷ ᠪᠠᠭᠤᠷᠠᠭᠰᠠᠨ ᠪᠠᠶᠢᠨ᠎ᠠ᠃ ᠲᠤᠰᠬᠠᠢ ᠮᠡᠷᠭᠡᠵᠢᠯᠳᠡᠨ ᠰᠠᠨᠠᠭᠤᠯᠤᠭᠰᠠᠨ ᠨᠢ᠂  ᠲᠤᠬᠳᠠᠮᠠᠯ  ᠡᠮᠴᠢ ᠪᠠᠷ ᠡᠮᠴᠢᠯᠡᠬᠦᠯᠬᠦ ᠶᠢᠨ ᠰᠠᠶᠢᠨᠳᠠᠢ ᠲᠠᠯ᠎ᠠ ᠶᠢ ᠤᠷᠳᠤ ᠬᠤᠭᠤᠴᠠᠭ᠎ᠠ ᠪᠠᠷ ᠤᠮᠳᠤᠭᠠᠶᠢᠯᠠᠵᠤ ᠪᠠᠶᠢᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号