ᠡᠳᠡᠭᠡᠷ ᠪᠡᠯᠴᠢᠷ ᠢ ᠦᠷᠬᠦᠯᠵᠢ ᠲᠠᠷᠤᠪᠠᠯ ᠴᠢᠰᠤᠨ ᠲᠠᠷᠤᠯᠳᠠ ᠲᠡᠭᠡᠭᠰᠢᠯᠡᠬᠦ ᠶᠢ ᠪᠦᠳᠤᠮᠵᠢᠳᠠᠢ ᠬᠢᠵᠠᠭᠠᠷᠯᠠᠵᠤ ᠂ ᠪᠦᠭᠡᠷ᠎ᠡ ᠶᠢ ᠲᠡᠮᠢᠷᠵᠢᠭᠤᠯᠤᠨ ᠵᠢᠷᠤᠭᠡᠨ ᠴᠤᠬᠢᠯᠳᠠ ᠶᠢ ᠰᠠᠶᠢᠵᠢᠷᠠᠭᠤᠯᠵᠤ ᠪᠤᠯᠤᠨ᠎ᠠ
ᠨᠡᠶᠢᠲᠡᠯᠡᠭᠰᠡᠨ ᠴᠠᠭ᠄
2018/7/18
      ᠴᠢᠰᠤᠨ ᠲᠠᠷᠤᠯᠳᠠ ᠦᠨᠳᠤᠷ ᠡᠪᠡᠳᠴᠢᠨ᠄ ᠤᠷᠤᠢ ᠶᠢᠨ ᠪᠡᠯᠴᠢᠷ ᠪᠤᠯᠤᠨ ᠨᠠᠮ ᠬᠥᠮ ᠪᠡᠯᠴᠢᠷ                   ᠪᠡᠯᠴᠢᠷ ᠰᠤᠩᠭᠤᠬᠤ᠄ 1. ᠤᠷᠤᠢ ᠶᠢᠨ ᠪᠡᠯᠴᠢᠷ ᠨᠢ ᠲᠤᠯᠤᠭᠠᠢ ᠶᠢᠨ ᠤᠷᠤᠢ ᠶᠢᠨ ᠭᠤᠤᠯ  ᠲᠤᠮᠳᠠ  ᠱᠤᠭᠤᠮ  ᠪᠠ‌ᠬᠤᠶᠠᠷ ᠴᠢᠬᠢᠨ ᠤ ᠤᠮᠤᠭ ᠤᠨ ᠬᠤᠯᠪᠤᠬᠴᠢ ᠱᠤᠭᠤᠮ ᠤᠨ ᠠᠭᠤᠯᠵᠠᠷ ᠲᠤ ᠪᠤᠢ᠂ ᠡᠬᠦᠨ ᠳᠤ ᠬᠤᠶᠠᠷ ᠴᠢᠬᠢ   ᠲᠠᠢ  ᠡᠭᠴᠡᠯᠡᠬᠦ‌‍ᠲ᠋ᠡᠭᠡᠳᠤ ᠬᠤᠯᠪᠤᠭᠴᠢ ᠱᠤᠭᠤᠮ ᠤᠨ ᠲᠤᠮᠳᠠ ᠴᠡᠭ ᠢᠶᠠᠷ ᠲᠡᠮᠵᠢᠨ ᠪᠡᠯᠴᠢᠷ ᠢ ᠠᠮᠠᠷᠬᠠᠨ ᠤᠯᠵᠤ ᠪᠤᠯᠤᠨ᠎ᠠ᠃  2.  ᠨᠠᠮ  ᠬᠥᠮ‌‍ᠪᠡᠯᠴᠢᠷ ᠨᠢ ᠦᠯᠮᠡᠢ ᠶᠢᠨ ᠬᠠᠪᠢ ᠶᠢᠨ ᠨᠢᠭᠡᠳᠤᠭᠡᠷ᠂ ᠬᠤᠶᠠᠳᠤᠭᠠᠷ ᠦᠯᠮᠡᠢ ᠶᠠᠰᠤ ᠶᠢᠨ ᠠᠭᠤᠯᠵᠠᠷ ᠬᠡᠰᠡᠭ ᠤᠨ ᠡᠮᠤᠨ᠎ᠠ  ᠲᠠᠯ᠎ᠠ‌ᠵᠢᠨ ᠬᠤᠳᠤᠶᠢᠵᠤ ᠤᠷᠤᠬᠰᠠᠨ ᠬᠡᠰᠡᠭ ᠲᠤ ᠪᠤᠢ᠃ ᠡᠷᠡᠭᠡᠢ ᠬᠤᠷᠤᠭᠤ᠂ ᠲᠤᠯᠤᠪᠤᠷ ᠬᠤᠷᠤᠭᠤ ᠶᠢᠨ ᠵᠠᠪᠰᠡᠷ ᠠᠴᠠ ᠦᠯᠮᠡᠢ  ᠵᠢᠨ‌‍ᠴᠢᠭᠯᠡᠯ ᠲᠡᠰᠢ ᠬᠤᠶᠠᠷ ᠬᠤᠷᠤᠭᠤ ᠵᠤᠵᠠᠭᠠᠨ ᠵᠠᠢ ᠲᠠᠢ ᠭᠠᠵᠠᠷ ᠪᠤᠯ ᠨᠠᠮ ᠬᠥᠮ ᠪᠡᠯᠴᠢᠷ ᠪᠤᠯᠤᠨ᠎ᠠ᠃ᠢᠯᠢᠬᠦ ᠠᠷᠭ᠎ᠠ  ᠄ ᠤᠷᠢᠳ ᠢᠶᠠᠷ ᠬᠥᠩᠭᠡᠨ ᠢᠯᠢᠵᠤ ᠲᠠᠷᠠᠭ᠎ᠠ ᠨᠢ ᠬᠥᠴᠤᠳᠠᠢ ᠢᠯᠢᠨ᠎ᠡ᠂ ᠢᠩᠬᠢᠵᠤ ᠠᠯᠬᠤᠮ  ᠲᠠᠷᠠᠭ᠎ᠠ‌‍ᠲ᠋ᠠᠢ ᠪᠠᠷ ᠢᠯᠢᠵᠤ ᠪᠠᠶᠢᠭᠠᠳ ᠬᠡᠰᠡᠭ ᠭᠠᠵᠠᠷ ᠲᠤ ᠱᠠᠷᠬᠢᠷᠠᠬᠤ᠂ ᠮᠢᠨᠴᠤᠬᠦᠷᠡᠬᠦ᠂ ᠴᠢᠨᠤᠷᠡᠬᠦ᠂ ᠡᠪᠡᠳᠬᠦ ᠪᠤᠶᠤ  ᠬᠠᠯᠠᠬᠤ  ᠪᠠᠶᠢᠳᠠᠯ‌ᠭᠠᠷᠪᠠᠯ ᠪᠤᠯᠴᠢᠬᠠᠨ᠎ᠠ᠃ ᠪᠡᠯᠴᠢᠷ ᠪᠦᠷᠢ ᠶᠢ ᠤᠳᠠᠭ᠎ᠠ ᠪᠦᠷᠢ 5 ᠮᠢᠨᠦ᠋ᠲ ᠢᠯᠢᠵᠤ᠂ ᠡᠳᠤᠷ ᠪᠦᠷᠢ ᠦᠷᠯᠤᠭᠡ ᠨᠢᠭᠡ  ᠤᠳᠠᠭ᠎ᠠ‌ᠤᠷᠤᠢ ᠨᠢᠭᠡ ᠤᠳᠠᠭ᠎ᠠ ᠢᠯᠢᠨ᠎ᠡ᠃                      ᠵᠢᠷᠤᠭᠡ ᠪᠠᠵᠠᠯᠠᠵᠤ ᠡᠪᠡᠳᠬᠦ᠄ ᠨᠸᠢ ᠭᠤᠸᠠᠨ᠂ ᠱᠧᠨ ᠮᠧᠨ᠂ ᠲᠠᠨ ᠵᠦᠩ ᠪᠡᠯᠴᠢᠷ                  ᠪᠡᠯᠴᠢᠷ ᠰᠤᠩᠭᠤᠬᠤ᠄1. ᠨᠸᠢ ᠭᠤᠸᠠᠨ ᠪᠡᠯᠴᠢᠷ   ᠨᠢ  ᠪᠠᠭᠤᠤ   ᠶᠢᠨ  ᠬᠥᠨᠳᠡᠯᠡᠨ  ᠰᠤᠳᠡᠰᠤ   ᠠᠴᠠ  2  ᠢᠮᠠᠬᠤ‌‍ᠲ᠋ᠡᠭᠡᠭᠰᠢ᠂ ᠠᠯᠠᠭᠠᠨ ᠤ ᠤᠷᠳᠤ ᠪᠤᠯᠴᠢᠩ ᠬᠢᠭᠡᠳ ᠱᠤ᠋ ᠲᠠᠯ᠎ᠠ ᠶᠢᠨ ᠪᠠᠭᠤᠤ ᠮᠤᠷᠤᠶᠢᠯᠭᠠᠬᠤ ᠪᠤᠯᠴᠢᠩ ᠤᠨ ᠵᠠᠪᠰᠡᠷ ᠲᠤ  ᠪᠤᠢ᠃ᠡᠨᠡ ᠬᠦ ᠪᠡᠯᠴᠢᠷ ᠢ ᠡᠷᠢᠬᠦ ᠳᠤ ᠪᠢᠳᠡ ᠤᠷᠢᠳ ᠢᠶᠠᠷ ᠵᠡᠬᠦᠨ ᠨᠢᠳᠤᠷᠭ᠎ᠠ   ᠪᠠᠨ  ᠴᠢᠩᠭ᠎ᠠ  ᠵᠠᠩᠬᠢᠳᠤᠨ᠂  ᠪᠠᠷᠠᠭᠤᠨ  ᠭᠠᠷ  ‍ᠤᠨ‌‍ᠲ᠋ᠤᠯᠤᠪᠤᠷ ᠬᠤᠷᠤᠭᠤ᠂ ᠲᠤᠮᠳᠠ ᠬᠤᠷᠤᠭᠤ᠂ ᠢᠳᠡᠮ ᠬᠤᠷᠤᠭᠤ ᠪᠠᠨ ᠨᠡᠶᠢᠯᠡᠬᠦᠯᠵᠤ᠂ ᠢᠳᠡᠮ ᠬᠤᠷᠤᠭᠤ ᠪᠠᠨ ᠵᠡᠬᠦᠨ ᠭᠠᠷ  ‍ᠤᠨ‌‍ᠪᠠᠭᠤᠤ ᠶᠢᠨ ᠬᠥᠨᠳᠡᠯᠡᠨ ᠰᠤᠳᠡᠰᠤᠨ ᠳᠤ ᠲᠠᠯᠪᠢᠵᠤ᠂ ᠪᠠᠷᠠᠭᠤᠨ ᠭᠠᠷ ᠤᠨ ᠲᠤᠯᠤᠪᠤᠷ  ᠬᠤᠷᠤᠭᠤ  ᠪᠤᠯᠤᠨ  ᠵᠡᠬᠦᠨ  ᠭᠠᠷ  ‍ᠤᠨ‌‍ᠪᠠᠭᠤᠤ ᠶᠢᠨ ᠬᠥᠳᠤᠶᠢᠵᠤ ᠭᠠᠷᠤᠭᠰᠠᠨ ᠬᠤᠶᠠᠷ ᠰᠢᠷᠪᠤᠰᠤ ᠶᠢᠨ ᠰᠤᠯᠪᠢᠴᠠᠯ ᠴᠡᠭ ᠪᠤᠯ ᠨᠸᠢ ᠭᠤᠸᠠᠨ ᠪᠡᠯᠴᠢᠷ ᠪᠤᠯᠤᠨ᠎ᠠ᠃  2.ᠱᠧᠨ ᠮᠧᠨ ᠪᠡᠯᠴᠢᠷ ᠨᠢ ᠪᠠᠭᠤᠤ ᠶᠢᠨ ᠬᠡᠰᠡᠭ᠂ ᠪᠠᠭᠤᠤ  ᠠᠯᠠᠭᠠᠨ   ᠤ  ᠬᠥᠨᠳᠡᠯᠡᠨ  ᠰᠤᠳᠡᠰᠤ   ᠶᠢᠨ  ᠲᠤᠬᠤᠢ  ᠲᠠᠯ᠎ᠠ  ᠵᠢᠨ‌ᠦᠵᠤᠬᠦᠷ᠂ ᠲᠤᠬᠤᠢ ᠲᠠᠯ᠎ᠠ ᠶᠢᠨ ᠪᠠᠭᠤᠤ ᠶᠢᠨ ᠪᠤᠯᠴᠢᠩ ᠤᠨ ᠱᠤ᠋ ᠲᠠᠯ᠎ᠠ ᠶᠢᠨ ᠬᠤᠳᠤᠶᠢᠬᠰᠠᠨ ᠭᠠᠵᠠᠷ  ᠲᠤ ᠪᠤᠢ᠃ 3.  ᠲᠠᠨ‌ᠵᠦ᠋ᠩ ᠪᠠᠯᠴᠢᠷ᠄ ᠪᠡᠶ᠎ᠡ ᠶᠢᠨ ᠡᠮᠤᠨᠡᠬᠢ ᠭᠤᠤᠯ ᠲᠤᠮᠳᠠ ᠱᠤᠭᠤᠮ᠂ ᠬᠤᠶᠠᠷ ᠬᠥᠬᠦᠨ ᠲᠤᠪᠴᠢ ᠶᠢᠨ ᠬᠤᠯᠪᠤᠬᠴᠢ ᠱᠤᠭᠤᠮ  ‍ᠤᠨ‌‍ᠲ᠋ᠤᠮᠳᠠ ᠴᠡᠭ ᠲᠤ ᠪᠤᠢ᠃ ᠢᠯᠢᠬᠦ ᠠᠷᠭ᠎ᠠ᠄ ᠡᠷᠡᠭᠡᠢ ᠬᠤᠷᠤᠭᠤ ᠪᠤᠶᠤ ᠲᠤᠯᠤᠪᠤᠷ ᠬᠤᠷᠤᠭᠤ ᠶᠢᠨ ᠦᠵᠤᠬᠦᠷ ︵ᠬᠢᠮᠤᠰᠤ ᠪᠠᠷ ᠢᠶᠠᠨ  ᠠᠷᠠᠰᠤ  ᠵᠢ‌‍ᠬᠥ᠋ᠴᠤᠳᠠᠢ ᠴᠢᠮᠬᠢᠵᠤ ᠲᠠᠷᠤᠬᠤ ᠠᠴᠠ ᠵᠠᠶᠢᠯᠠᠰᠬᠢᠬᠦ ᠬᠡᠷᠡᠭᠳᠠᠢ︶ ᠢ ᠪᠡᠯᠴᠢᠷ ᠲᠤ ᠲᠠᠯᠪᠢᠵᠤ᠂ ᠤᠷᠢᠳ ᠢᠶᠠᠷ ᠨᠤᠬᠤᠯᠠᠵᠤ  ᠲᠠᠷᠠᠭ᠎ᠠ‌ᠨᠢ ᠲᠠᠷᠤᠨ᠎ᠠ᠂ ᠲᠤᠷᠤᠬᠰᠢ ᠲᠠᠷᠤᠬᠤ ᠪᠠᠷ ᠭᠤᠤᠯᠯᠠᠭᠤᠯᠤᠨ᠂ ᠨᠠᠰᠢ ᠴᠠᠰᠢ ᠰᠤᠯᠪᠢᠴᠠᠵᠤ ᠲᠠᠷᠤᠨ᠎ᠠ᠃ ᠤᠷᠢᠳ   ᠢᠶᠠᠷ  ᠬᠥᠩᠭᠡᠨ‌ᠢᠯᠢᠵᠤ ᠲᠠᠷᠠᠭ᠎ᠠ ᠨᠢ ᠬᠥᠴᠤᠳᠠᠢ ᠢᠯᠢᠵᠤ ᠪᠠᠶᠢᠭᠠᠳ ᠪᠡᠯᠴᠢᠷ ᠨᠢ ᠱᠠᠷᠬᠢᠷᠠᠬᠤ᠂ ᠮᠢᠨᠴᠤᠬᠦᠷᠡᠬᠦ᠂  ᠴᠢᠨᠤᠷᠡᠬᠦ᠂  ᠡᠪᠡᠳᠬᠦ  ᠪᠤᠶᠤ ᠬᠠᠯᠠᠬᠤ ᠪᠠᠶᠢᠳᠠᠯ ᠭᠠᠷᠪᠠᠯ ᠪᠤᠯᠴᠢᠬᠠᠨ᠎ᠠ᠃ ᠡᠳᠤᠷ ᠪᠦᠷᠢ ᠶᠢᠨ ᠦᠳᠡ ᠶᠢᠨ ᠡᠮᠤᠨ᠎ᠠ ᠪᠠ ᠦᠳᠡ  ᠶᠢᠨ ᠬᠤᠶᠢᠨ᠎ᠠ ᠲᠤᠰ  ᠲᠦ᠋ᠰ‌ᠨᠢᠭᠡ ᠤᠳᠠᠭ᠎ᠠ ᠢᠯᠢᠵᠤ᠂  ᠪᠡᠯᠴᠢᠷ  ᠪᠦᠷᠢ   ᠶᠢ  2~3  ᠮᠢᠨᠦ᠋ᠲ  ᠢᠯᠢᠪᠡᠯ  ᠪᠤᠯᠴᠢᠬᠠᠨ᠎ᠠ᠃  ᠵᠢᠷᠤᠭᠡᠨ  ᠲᠢᠳᠢᠮ  ‍ᠤᠨ‌ᠡᠪᠡᠳᠴᠢᠳᠠᠨ ᠤ ᠡᠳᠤᠷ ᠲᠤᠳᠤᠮ ᠤᠨ ᠡᠷᠡᠬᠦᠯᠵᠢᠯ ᠪᠤᠶᠤ ᠵᠢᠷᠤᠭᠡ ᠪᠡᠵᠠᠯᠠᠵᠤ ᠡᠪᠡᠳᠬᠦ ᠦᠶ᠎ᠠ ᠳᠤ ᠲᠤᠰ ᠠᠷᠭ᠎ᠠ ᠶᠢ ᠭᠡᠷᠡᠭᠯᠡᠵᠤ‌‍ᠪᠤᠯᠤᠨ᠎ᠠ᠃ ᠬᠡᠪᠡᠴᠤ᠂ ᠵᠢᠷᠤᠭᠡ ᠪᠡᠵᠡᠯᠡᠵᠤ ᠡᠪᠡᠳᠬᠦ ᠦᠶ᠎ᠡ  ᠳᠤ ᠴᠡᠭᠡᠵᠢ ᠶᠡᠭᠡ   ᠪᠠᠷ  ᠡᠪᠡᠳᠤᠭᠡᠳ  5  ᠮᠢᠨᠦ᠋ᠲ  ᠬᠡᠳᠤᠷᠡᠪᠡᠯ‌‍ᠲ᠋ᠠᠷᠤᠢ ᠲᠦᠷᠭᠡᠨ ᠠᠽᠤᠲ ᠬᠥᠴᠢᠯ ᠤᠨ ᠭᠯᠢᠼᠧᠷᠢᠨ᠂ ᠲᠦᠷᠭᠡᠨ ᠦᠢᠯᠡᠳᠤᠯ ᠲᠠᠢ ᠵᠢᠷᠤᠭᠡᠨ ᠤ ᠡᠮ ᠵᠡᠷᠭᠡ  ᠪᠠᠴᠢᠮ  ᠠᠪᠤᠷᠠᠬᠤ‌ᠡᠮ ᠤᠤᠭᠤᠪᠠᠯ ᠵᠤᠬᠢᠨ᠎ᠠ᠂ ᠬᠡᠷᠪᠡ ᠴᠡᠭᠡᠵᠢ ᠡᠪᠡᠳᠤᠭᠡᠳ ᠨᠠᠮᠳᠠᠬᠤ ᠦᠭᠡᠢ ᠪᠠᠶᠢᠪᠠᠯ ᠲᠡᠷᠡ ᠲᠤᠤᠷ᠎ᠡ ᠨᠢ ᠡᠮᠨᠡᠬᠦᠯᠬᠦ ᠬᠡᠷᠡᠭᠳᠠᠢ᠃                     ᠵᠢᠷᠤᠭᠡᠨ ᠴᠤᠬᠢᠯᠳᠠ ᠭᠡᠪ ᠢᠶᠠᠨ ᠠᠯᠳᠠᠬᠤ᠄ ᠱᠧᠨ ᠮᠧᠨ᠂ ᠴᠢᠶᠧ ᠮᠧᠨ᠂ ᠨᠸᠢ ᠭᠤᠸᠠᠨ ᠪᠡᠯᠴᠢᠷ          ᠪᠡᠯᠴᠢᠷ ᠰᠤᠩᠭᠤᠬᠤ᠄ ᠴᠢᠶᠧ ᠮᠧᠨ ᠪᠡᠯᠴᠢᠷ ᠨᠢ ᠪᠠᠭᠤᠤ ᠶᠢᠨ ᠬᠥᠨᠳᠡᠯᠡᠨ ᠰᠢᠷᠪᠤᠰᠤ ᠠᠴᠠ 5 ᠢᠮᠠᠬᠤ᠂ ᠠᠯᠠᠭᠠᠨ ‍ᠤ‌ᠤᠷᠳᠤ ᠪᠤᠯᠴᠢᠩ ᠬᠢᠭᠡᠳ ᠱᠤ᠋ ᠲᠠᠯ᠎ᠠ ᠶᠢᠨ ᠪᠠᠭᠤᠤ ᠮᠤᠷᠤᠶᠢᠯᠭᠠᠬᠤ ᠪᠤᠯᠴᠢᠩ ᠤᠨ ᠵᠠᠪᠰᠡᠷ ᠲᠤ ᠪᠤᠢ᠃ ᠶᠡᠭᠡ ᠲᠦᠯᠤᠪ  ᠪᠠᠭᠤᠤ‌ᠵᠢᠨ ᠬᠥᠨᠳᠡᠯᠡᠨ ᠰᠢᠷᠪᠤᠰᠤ ᠪᠤᠯᠤᠨ ᠲᠤᠬᠤᠢ ᠶᠢᠨ ᠬᠥᠨᠳᠡᠯᠡᠨ ᠰᠢᠷᠪᠤᠰᠤ ᠶᠢᠨ ᠲᠤᠮᠳᠠ ᠴᠡᠭ᠂ ᠬᠤᠶᠠᠷ ᠰᠢᠷᠪᠤᠰᠤ ᠶᠢᠨ ᠲᠤᠮᠳᠠ‌‍ᠪᠤᠢ᠂ ᠱᠧᠨ ᠮᠧᠨ᠂ ᠨᠸᠢ ᠭᠤᠸᠠᠨ ᠪᠠᠯᠴᠢᠷ ᠤᠨ ᠪᠠᠶᠢᠷᠢ ᠨᠢ ᠲᠡᠭᠡᠷ᠎ᠡ ᠦᠬᠦᠯᠡᠭᠰᠡᠨ ᠮᠡᠳᠤ᠃ ᠢᠯᠢᠬᠦ ᠠᠷᠭ᠎ᠠ᠄ ᠡᠷᠡᠭᠡᠢ ᠬᠤᠷᠤᠭᠤ ᠪᠤᠶᠤ ᠲᠤᠯᠤᠪᠤᠷ ᠬᠤᠷᠤᠭᠤ ᠶᠢᠨ ᠦᠵᠤᠬᠦᠷ ︵ᠬᠢᠮᠤᠰᠤ ᠪᠠᠷ ᠢᠶᠠᠨ  ᠠᠷᠠᠰᠤ  ᠵᠢ‌‍ᠬᠥ᠋ᠴᠤᠳᠠᠢ ᠴᠢᠮᠬᠢᠵᠤ ᠲᠠᠷᠤᠬᠤ ᠠᠴᠠ ᠵᠠᠶᠢᠯᠠᠰᠬᠢᠬᠦ ᠬᠡᠷᠡᠭᠳᠠᠢ︶ ᠢ ᠪᠡᠯᠴᠢᠷ ᠲᠤ ᠲᠠᠯᠪᠢᠵᠤ᠂ ᠤᠷᠢᠳ ᠢᠶᠠᠷ ᠨᠤᠬᠤᠯᠠᠵᠤ  ᠲᠠᠷᠠᠭ᠎ᠠ‌ᠨᠢ ᠲᠠᠷᠤᠨ᠎ᠠ᠂ ᠲᠤᠷᠤᠬᠰᠢ ᠲᠠᠷᠤᠬᠤ ᠪᠠᠷ ᠭᠤᠤᠯᠯᠠᠭᠤᠯᠤᠨ᠂ ᠨᠠᠰᠢ ᠴᠠᠰᠢ ᠰᠤᠯᠪᠢᠴᠠᠵᠤ ᠲᠠᠷᠤᠨ᠎ᠠ᠃ ᠤᠷᠢᠳ   ᠢᠶᠠᠷ  ᠬᠥᠩᠭᠡᠨ‌ᠢᠯᠢᠵᠤ ᠲᠠᠷᠠᠭ᠎ᠠ ᠨᠢ ᠬᠥᠴᠤᠳᠠᠢ ᠢᠯᠢᠵᠤ ᠪᠠᠶᠢᠭᠠᠳ ᠪᠡᠯᠴᠢᠷ ᠨᠢ ᠱᠠᠷᠬᠢᠷᠠᠬᠤ᠂ ᠮᠢᠨᠴᠤᠬᠦᠷᠡᠬᠦ᠂  ᠴᠢᠨᠤᠷᠡᠬᠦ᠂  ᠡᠪᠡᠳᠬᠦ  ᠪᠤᠶᠤ‌ᠬᠠᠯᠠᠬᠤ ᠪᠠᠶᠢᠳᠠᠯ ᠭᠠᠷᠪᠠᠯ ᠪᠤᠯᠴᠢᠬᠠᠨ᠎ᠠ᠃ ᠡᠳᠤᠷ ᠪᠦᠷᠢ ᠶᠢᠨ ᠦᠳᠡ ᠶᠢᠨ ᠡᠮᠤᠨ᠎ᠠ ᠪᠠ ᠦᠳᠡ ᠶᠢᠨ ᠬᠤᠶᠢᠨ᠎ᠠ ᠲᠤᠰ  ᠲᠦ᠋ᠰ‌ᠨᠢᠭᠡ ᠤᠳᠠᠭ᠎ᠠ ᠢᠯᠢᠵᠤ᠂ ᠪᠡᠯᠴᠢᠷ ᠪᠦᠷᠢ ᠶᠢ 2~3 ᠮᠢᠨᠦ᠋ᠲ ᠢᠯᠢᠪᠡᠯ ᠪᠤᠯᠴᠢᠬᠠᠨ᠎ᠠ᠃ ᠴᠢᠶᠧ ᠮᠧᠨ ᠪᠡᠯᠴᠢᠷ ᠨᠢ ᠨᠡᠯᠢᠶᠡᠳ‌‍ᠬᠥ᠋ᠨ ᠪᠠᠶᠢᠳᠠᠭ ᠪᠤᠯᠬᠤᠷ ᠵᠢᠭᠠᠬᠠᠨ ᠬᠥᠴᠤᠳᠠᠢ ᠰᠢᠭ ᠲᠠᠷᠤᠬᠤ ᠶᠢᠨ ᠬᠠᠮᠳᠤ ᠲᠠᠷᠤᠬᠤ ᠴᠠᠭ ᠢ ᠨᠢ ᠤᠷᠳᠤᠳᠬᠠᠭᠠᠳ  ᠤᠳᠠᠭ᠎ᠠ‌‍ᠪᠦ᠋ᠷᠢ 5 ᠮᠢᠨᠦ᠋ᠲ ᠪᠤᠯᠭᠠᠵᠤ ᠪᠤᠯᠤᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号