ᠡᠭᠡ ᠡᠴᠢᠭᠡ ᠪᠤᠯᠤᠭᠰᠠᠳ ᠬᠡᠤᠬᠡᠳ ᠨᠢ ᠦᠭᠡ ᠶᠢ ᠨᠢ ᠰᠤᠨᠤᠰᠴᠦ ᠤᠬᠠᠭᠠᠨ ᠲᠤᠮᠤᠭᠠᠲᠠᠢ ᠪᠠᠶᠢᠬᠤ ᠶᠢ | ᠬᠦᠰᠡᠳᠡᠭ᠃ᠬᠡᠬᠦ ᠳᠤ ᠤᠯᠠᠩᠭᠢ ᠬᠡᠤᠬᠡᠳ ᠠᠩᠬ᠎ᠠ ᠲᠤᠮᠳᠠᠳᠦ ᠳᠤ ᠤᠷᠤᠭᠰᠠᠨ ᠤ ᠲᠠᠷᠠᠭ᠎ᠠ ᠦᠰᠦᠳ | ᠦᠭᠡᠷ᠎ᠡ ᠬᠦᠮᠦᠨ ᠪᠤᠯᠵᠦᠬᠤᠪᠢᠷᠠᠭᠰᠠᠨ ᠰᠢᠭ᠋ ᠪᠤᠯᠵᠦ᠂ ᠡᠵᠢ ᠠᠪᠤ ᠲᠠᠢ ᠪᠠᠨ ᠠᠮᠠ ᠵᠦᠷᠢᠯᠳᠦᠨ ᠬᠡᠷᠡᠯᠳᠦᠵᠦ | ᠡᠭᠢᠯᠡᠳᠡᠭ᠃ ᠡᠨᠡ ᠪᠤᠯ ᠲᠡᠷᠰᠯᠡᠬᠦᠬᠤᠭᠤᠴᠠᠭᠠᠨ ᠤ ᠨᠢᠭᠡᠨ ᠶᠡᠷᠦᠳᠡ ᠶᠢᠨ ᠢᠯᠡᠷᠡᠯ ᠪᠤᠯᠤᠨ᠎ᠠ᠃ ᠵᠠᠷᠢᠮ ᠭᠡᠷ ᠤᠨ | ᠠᠬᠠᠮᠠᠳ᠄ ︽ᠡᠨᠡ ᠬᠡᠤᠬᠡᠳ ᠢ ᠴᠢᠨᠢ ᠬᠠᠷᠢᠶᠠᠵᠦᠵᠤᠳᠤᠵᠦ ᠴᠤ ᠪᠤᠯᠬᠤ ᠦᠭᠡᠢ᠂ ᠠᠶ᠎ᠠ ᠪᠠᠷ ᠨᠢ ᠲᠠᠯᠪᠢᠵᠦ ᠴᠤ | ᠪᠤᠯᠬᠤ ᠦᠭᠡᠢ᠂ ᠬᠡᠯᠡᠵᠦ ᠰᠤᠷᠭᠠᠭᠠᠳ ᠨᠡᠩ ᠴᠤ ᠰᠤᠨᠤᠰᠬᠤᠦᠭᠡᠢ᠂ ᠶᠠᠭᠠᠬᠢᠯᠲᠡᠢ ᠴᠤ ᠪᠢᠯᠡ ᠳ᠋ᠧ︖︾ ᠭᠡᠵᠦ | ᠠᠷᠭ᠎ᠠ ᠪᠠᠨ ᠪᠠᠷᠠᠳᠠᠭ᠃ | ᠦᠨᠡᠨᠳᠡᠭᠡᠨ ᠭᠡᠷ ᠤᠨ ᠠᠬᠠᠮᠠᠳ ᠪᠤᠯᠤᠭᠰᠠᠳ ᠬᠡᠤᠬᠡᠳ ᠤᠨ ︽ᠲᠡᠷᠰᠯᠡᠬᠦ︾ ᠠᠰᠠᠭᠤᠳᠠᠯ ᠳᠤ | ᠬᠡᠳᠦ ᠶᠡᠭᠡᠰᠠᠨᠠᠭᠠᠰᠢᠷᠠᠬᠤ ᠴᠢᠬᠤᠯᠠ ᠦᠭᠡᠢ ᠶᠤᠮ᠂ ᠬᠠᠷᠢᠨ ᠬᠡᠤᠬᠡᠳ ᠤᠨ ᠢᠶᠠᠨ ᠰᠡᠳᠬᠢᠯ ᠳᠡᠭᠡᠨ ᠶᠠᠭᠤ ᠪᠤᠳᠤᠵᠦ᠂ | ᠶᠠᠭᠤ ᠶᠢ ᠬᠦᠰᠡᠵᠦᠪᠠᠶᠢᠬᠤ ᠶᠢ ᠤᠢᠢᠯᠠᠭᠠᠬᠤ ᠨᠢ ᠶᠠᠭᠤᠨ ᠠᠴᠠ ᠴᠤ ᠴᠢᠬᠤᠯᠠ ᠶᠤᠮ᠃ ᠲᠠᠷᠤᠢ ᠡᠨᠡ | ᠪᠤᠯ ᠭᠡᠷ ᠤᠨ ᠠᠬᠠᠮᠠᠳ ᠤᠨᠬᠡᠤᠬᠡᠳ ᠲᠠᠢ ᠪᠠᠨ ᠵᠦᠪ ᠬᠠᠷᠢᠴᠠᠬᠤ ᠠᠷᠭ᠎ᠠ ᠶᠢᠨ ᠰᠢᠯᠭᠠᠯᠲᠠ ᠮᠦᠨ᠃ ᠲᠤᠤᠷ᠎ᠠ | ᠬᠡᠤᠭᠡᠳ ᠤᠨ ᠨᠢᠭᠡ ᠨᠠᠰᠦᠨ ᠳᠤ ᠡᠷᠭᠡᠪᠰᠢᠲ᠋ᠤᠬᠢᠶᠠᠯᠳᠤᠬᠤ 3 ᠲᠡᠷᠰᠯᠡᠬᠦ ᠬᠤᠭᠤᠴᠠᠭ᠎ᠠ ᠵᠢᠴᠢ ᠬᠡᠷᠭᠢᠨ | ᠰᠢᠢᠳᠪᠦᠷᠢᠯᠡᠬᠦ ᠠᠷᠭ᠎ᠠ ᠶᠢᠨ ᠲᠤᠬᠠᠢ ᠲᠦᠭᠦᠮᠭᠡᠨ ᠲᠠᠨᠢᠯᠴᠠᠭᠤᠯᠤᠶ᠎ᠠ᠃ | ᠨᠢᠭᠡᠳᠦᠭᠡᠷ ᠲᠡᠷᠰᠯᠡᠬᠦ ᠬᠤᠭᠤᠴᠠᠭ᠎ᠠ ︵2-3 ᠨᠠᠰᠦ︶ | ᠬᠡᠤᠬᠡᠳ ᠤᠨ ᠨᠢᠭᠡᠳᠦᠭᠡᠷ ᠲᠡᠷᠰᠯᠡᠬᠦ ᠬᠤᠭᠤᠴᠠᠭ᠎ᠠ ᠪᠤᠯ 2-3 ᠨᠠᠰᠤᠨ ᠤ ᠬᠤᠭᠤᠷᠤᠨᠳᠦ ᠪᠠᠶᠢᠳᠠᠭ᠃ | ᠬᠡᠤᠬᠡᠳ 2ᠨᠠᠰᠤᠨ ᠠᠴᠠ ᠡᠮᠦᠨ᠎ᠡ ᠶᠡᠷᠦᠳᠡᠭᠡᠨ ᠲᠤᠮᠤᠴᠤᠤᠯ ᠤᠨ ᠦᠭᠡ ᠶᠢ ᠰᠤᠨᠤᠰᠲᠠᠭ ᠬᠦᠭᠡᠷᠦᠭᠦᠨ ᠬᠡᠤᠭᠡᠳ | ᠪᠠᠶᠢᠭᠰᠠᠨ ᠪᠤᠯ᠂ 2 ᠨᠠᠰᠤᠬᠦ᠋ᠷᠦᠭᠰᠡᠨ ᠤ ᠲᠠᠷᠠᠭ᠎ᠠ ᠬᠠᠷᠢᠨ ᠭᠡᠷ ᠤᠨ ᠠᠬᠠᠮᠠᠳ ᠲᠠᠢ ᠪᠠᠨ ᠡᠰᠡᠷᠭᠦᠴᠡᠯᠳᠦᠵᠦ᠂ | ᠶᠠᠭᠤ ᠶᠢ ᠬᠢᠯᠭᠡᠬᠦ ᠬᠡᠪᠡᠯ ᠶᠠᠭᠤ ᠶᠢ ᠨᠢ ᠵᠠᠪᠠᠯᠬᠢᠬᠦ ᠦᠭᠡᠢ ᠭᠡᠵᠦ ᠵᠦᠷᠢᠭᠦᠯᠡᠵᠦ᠂ ᠦᠪᠡᠷ ᠤᠨ ᠭᠡᠰᠡᠨ ᠤᠯᠠᠨ | ᠦᠵᠡᠯᠲᠡ ᠪᠤᠳᠤᠯ ᠲᠠᠢ ᠪᠤᠯᠵᠦ᠂ ᠠᠷᠭ᠎ᠠ ᠪᠦᠬᠦᠨ ᠢ ᠰᠡᠳᠦᠵᠦᠦᠪᠡᠷ ᠤᠨ ᠰᠠᠨᠠᠭ᠎ᠠ ᠪᠠᠨ ᠪᠡᠶᠡᠯᠡᠭᠦᠯᠳᠡᠭ᠃ ᠲᠡᠷᠡᠴᠢᠯᠡᠨ | ᠪᠠᠭ᠎ᠠ ᠤᠴᠢᠷ ᠲᠡᠭᠡᠷ᠎ᠡ ᠴᠤ ᠶᠡᠭᠡᠪᠡᠷ ᠠᠭᠤᠷᠯᠠᠵᠦ ᠤᠬᠢᠯᠠᠬᠤ ᠵᠡᠷᠭᠡᠢᠯᠡᠷᠡᠯ ᠭᠠᠷᠳᠠᠭ᠃ ᠨᠢᠭᠡ ᠵᠢᠯ ᠤᠨ | ᠬᠤᠭᠤᠴᠠᠭ᠎ᠠ ᠶᠢ ᠦᠡᠭᠭᠡᠷᠡᠭᠦᠯᠦᠭᠡᠳ᠂ ᠲᠡᠷᠰᠯᠡᠬᠦ ᠢᠯᠡᠷᠡᠯ ᠨᠢ 3 ᠨᠠᠰᠦ ᠬᠦᠷᠬᠦ ᠳ᠋ᠤ᠋ᠤᠷᠬᠢᠯ ᠳᠠᠭᠠᠨ ᠲᠤᠯᠳᠠᠭ᠃ | ᠬᠤᠶᠠᠷ ᠭᠤᠷᠪᠠᠨ ᠨᠠᠰᠤᠨ ᠤ ᠬᠡᠤᠬᠡᠳ ᠦᠭᠡ ᠰᠤᠨᠤᠰᠬᠤ ᠦᠭᠡᠢ᠂ ᠬᠠᠮᠢᠶᠠᠷᠬᠤ ᠳᠤ ᠬᠦᠴᠢᠷ ᠤᠴᠢᠷ ᠲᠤ | ᠤᠯᠠᠩᠭᠢᠭᠡᠷ ᠤᠨ ᠠᠬᠠᠮᠠᠳ ᠶᠠᠭᠠᠬᠢᠬᠤ ᠪᠠᠨ ᠮᠡᠳᠡᠬᠦ ᠦᠭᠡᠢ ᠪᠤᠯᠵᠦ᠂ ᠬᠦᠡᠭᠭᠡᠨ ᠳᠡᠭᠡᠨ ᠵᠢᠮᠡᠯᠡᠨ ᠰᠤᠷᠭᠠᠵᠦ᠂ | ᠠᠬᠠᠳᠠᠪᠠᠯ ᠵᠤᠳᠤᠳᠠᠭ᠃ᠦᠨᠡᠨᠳᠡᠭᠡᠨ 2 ᠨᠠᠰᠦ ᠪᠤᠯ ᠨᠢᠭᠡᠨ ᠡᠷᠭᠢᠯᠲᠡ ᠶᠢᠨ ᠦᠶ᠎ᠡ ᠪᠠᠶᠢᠵᠦ᠂ ᠲᠡᠷᠰᠯᠡᠵᠦ ᠪᠠᠶᠢᠭ᠎ᠠ ᠨᠢ | ᠮᠦᠨᠴᠦ ᠬᠡᠤᠬᠡᠳ ᠤᠨ ᠦᠰᠦᠨᠪᠤᠶᠢᠵᠢᠯᠲᠠ ᠶᠢᠨ ᠤᠨᠴᠠᠭᠠᠢ ᠢᠯᠡᠷᠡᠯ ᠪᠠᠶᠢᠵᠦ᠂ ᠬᠡᠤᠬᠡᠳ ᠲᠤ ᠦᠪᠡᠷ ᠤᠨ | ᠬᠡᠰᠡᠨ ᠦᠵᠡᠯᠲᠡ ᠪᠤᠳᠤᠯ ᠪᠠ ᠪᠡᠶ᠎ᠡ ᠪᠠᠨᠲ᠋ᠠᠭᠠᠭᠠᠬᠤ ᠤᠬᠠᠮᠰᠠᠷ ᠪᠤᠢ ᠪᠤᠯᠵᠦ ᠪᠠᠶᠢᠭ᠎ᠠ ᠶᠤᠮ᠃ ᠡᠶᠢᠮᠦ ᠠᠴᠠ | ᠭᠡᠷ ᠤᠨ ᠠᠬᠠᠮᠠᠳ ᠡᠷᠭᠡᠪᠰᠢ ᠲᠡᠰᠪᠦᠷᠢ ᠲᠡᠪᠴᠢᠶᠡᠷᠢ ᠲᠠᠢᠪᠠᠶᠢᠬᠤ ᠬᠡᠷᠡᠭᠲᠡᠢ᠃ | ● ᠭᠡᠷ ᠤᠨ ᠠᠬᠠᠮᠠᠳ ᠬᠡᠷᠭᠢᠨ ᠬᠢᠪᠡᠯ ᠵᠤᠬᠢᠬᠤ ᠪᠤᠢ︖ | 1. ᠬᠡᠤᠬᠡᠳ ᠢ ᠬᠡᠳᠦ ᠡᠷᠭᠡᠯᠡᠭᠦᠯᠵᠦ ᠪᠤᠯᠬᠤ ᠦᠭᠡᠢ | ᠬᠡᠤᠬᠡᠳ ᠦᠪᠡᠷ ᠤᠨ ᠬᠢᠨᠢ ᠶᠠᠮᠠᠷ ᠨᠢᠭᠡᠨ ᠱᠠᠭᠠᠷᠳᠠᠯᠭ᠎ᠠ ᠪᠤᠶᠤ ᠬᠦᠰᠡᠯ ᠨᠢ ᠪᠡᠶᠡᠯᠡᠭᠳᠡᠵᠦ ᠲᠡᠶᠢᠯᠦᠭᠰᠡᠨ | ᠦᠭᠡᠢ ᠡᠴᠠᠪᠤᠯᠵᠦ ᠤᠬᠢᠯᠡᠵᠦ ᠪᠠᠷᠬᠢᠷᠠᠪᠠᠯ᠂ ᠭᠡᠷ ᠤᠨ ᠠᠬᠠᠮᠠᠳ ᠰᠡᠳᠬᠢᠯ ᠵᠦᠭᠡᠯᠡᠷᠡᠨ ᠠᠶᠠᠳᠠᠨ ᠳᠠᠭᠠᠵᠤ | ᠪᠤᠯᠬᠤ ᠦᠭᠡᠢ᠂ ᠬᠠᠷᠢᠨᠦᠪᠡᠷ ᠤᠨ ᠵᠤᠭᠰᠤᠴᠠ ᠪᠠᠨ ᠪᠠᠲᠦ ᠪᠠᠷᠢᠮᠲᠠᠯᠠᠵᠦ᠂ ᠬᠡᠤᠬᠡᠳ ᠢᠶᠠᠨ ᠬᠡᠳᠦ ᠡᠷᠭᠡᠯᠡᠭᠦᠯᠵᠦ | ᠪᠤᠯᠬᠤ ᠦᠭᠡᠢ᠃ ᠤᠴᠢᠷ ᠨᠢ ᠬᠡᠤᠬᠡᠳᠤᠬᠢᠯᠠᠵᠦ ᠠᠭᠠᠰᠢᠯᠠᠬᠤ ᠨᠢ ᠦᠪᠡᠷ ᠤᠨ ᠰᠠᠨᠠᠭ᠎ᠠ ᠵᠤᠷᠢᠯᠲᠠ ᠳᠤ ᠬᠦᠷᠴᠦ | ᠪᠤᠯᠬᠤ ᠶᠢ ᠮᠡᠳᠡᠮᠡᠭᠴᠡ ᠡᠭᠦᠪᠡᠷ ᠡᠵᠢ ᠠᠪᠤ ᠪᠠᠨᠰᠦ᠋ᠷᠳᠡᠭᠦᠯᠬᠦ ᠠᠷᠭ᠎ᠠ ᠠᠪᠴᠠᠯ ᠢᠶᠠᠨ ᠪᠤᠯᠭᠠᠳᠠᠭ᠃ | 2. ᠬᠡᠤᠬᠡᠳ ᠤᠨ ᠤᠷᠮ᠎ᠠ ᠰᠡᠳᠬᠢᠯᠭᠡ ᠪᠠᠨ ᠵᠦᠪ ᠢᠶᠠᠷ ᠢᠯᠡᠳᠭᠡᠬᠦ ᠶᠢ ᠵᠤᠷᠢᠭᠵᠢᠭᠤᠯᠤᠨ᠎ᠠ | ᠬᠡᠤᠬᠡᠳ ᠤᠨ 3 ᠨᠠᠰᠦ ᠪᠤᠯ ᠶᠠᠭ ᠰᠠᠶᠢᠬᠠᠨ ᠪᠡᠶ᠎ᠡ ᠪᠠᠨ ᠲᠠᠭᠠᠭᠠᠬᠤ ᠶᠢᠨ ᠡᠭᠢᠯᠡᠯᠲᠡ ᠪᠠᠶᠢᠵᠦ᠂ | ᠬᠡᠤᠬᠡᠳ ᠡᠨᠡᠬᠦᠠᠯᠬᠤᠮ ᠢ ᠠᠯᠬᠤᠬᠤ ᠳᠤ ᠰᠡᠳᠬᠢᠴᠡ ᠶᠢᠨ ᠲᠠᠯ᠎ᠠ ᠳᠤ ᠵᠦᠷᠢᠴᠡᠯ ᠮᠦᠷᠭᠦᠯᠳᠦᠭᠡᠨ ᠲᠠᠢ | ᠪᠠᠶᠢᠵᠦ᠂ ᠠᠮᠠᠷᠬᠠᠨ ᠠᠭᠤᠷᠯᠠᠵᠦᠪᠠᠴᠢᠮᠳᠠᠬᠤ᠂ ᠡᠵᠢ ᠠᠪᠤ ᠳᠠᠭᠠᠨ ᠦᠭᠡ ᠶᠠᠷᠢᠶᠠᠨ ᠤ ᠲᠠᠭᠠᠷᠢᠯᠲᠠ ᠶᠠᠪᠤᠭᠤᠯᠬᠤ᠂ | ᠵᠢᠱᠢᠶᠡᠯᠡᠪᠡᠯ ︽ᠡᠵᠢ ᠮᠠᠭᠤ ᠬᠦᠮᠦᠨ︾ ᠭᠡᠬᠦ᠂ᠲᠡᠷᠡᠴᠢᠯᠡᠨ ᠲᠤᠭᠯᠠᠭᠠᠮ ᠢᠶᠠᠨ ᠰᠢᠳᠡᠬᠦ᠂ ᠬᠦᠮᠦᠨ ᠢ ᠬᠠᠵᠠᠬᠤ᠂ ᠵᠤᠳᠤᠬᠤ | ᠵᠡᠷᠭᠡ ᠢᠯᠡᠷᠡᠯ ᠭᠠᠷᠳᠠᠭ᠃ | ᠬᠡᠷ ᠤᠨ ᠠᠬᠠᠮᠠᠳ ᠤᠷᠢᠳᠠᠪᠠᠷ ᠦᠪᠡᠷ ᠤᠨ ᠠᠭᠤᠷ ᠢᠶᠠᠨ ᠲᠠᠷᠤᠵᠦ᠂ ᠲᠠᠷᠠᠭ᠎ᠠ ᠨᠢ | ᠬᠡᠤᠬᠡᠳ ᠵᠶ᠋ᠠᠨᠲ᠋ᠠᠶᠢᠪᠤᠷᠢᠰᠢᠭᠤᠯᠵᠦ᠂ ᠬᠡᠤᠬᠡᠳ ᠤᠨ ᠤᠷᠮ᠎ᠠ ᠰᠡᠳᠬᠢᠯᠭᠡ ᠪᠠᠨ ᠵᠦᠪ ᠢᠶᠠᠷ ᠢᠯᠡᠳᠭᠡᠬᠦ ᠶᠢ | ᠵᠤᠷᠢᠭᠵᠢᠭᠤᠯᠵᠦ᠂ ᠬᠡᠤᠬᠡᠳ ᠲᠤ᠋ᠠᠭᠤᠷᠯᠠᠬᠤ᠂ ᠵᠤᠪᠠᠭ᠋ᠤ᠂ ᠪᠠᠶᠠᠷᠯᠠᠬᠤ ᠵᠡᠷᠭᠡ ᠨᠢ ᠶᠠᠮᠠᠷ ᠤᠷᠮ᠎ᠠ ᠰᠡᠳᠬᠢᠯᠭᠡ ᠪᠤᠯᠬᠤ ᠶᠢ | ᠮᠡᠳᠡᠭᠦᠯᠦᠨ᠎ᠡ᠃ ᠬᠡᠤᠬᠡᠳ ᠠᠭᠤᠷᠯᠠᠬᠤᠦᠶᠡᠰ ︽ᠪᠢ ᠠᠭᠤᠷᠯᠠᠯ᠎ᠠ ᠰᠢᠦ︕︾ ᠭᠡᠵᠦ ᠬᠡᠯᠡᠬᠦ ᠠᠴᠠ ᠪᠢᠰᠢ᠂ ᠬᠠᠷᠢᠨ | ᠬᠦᠴᠦ ᠪᠠᠷ ᠪᠤᠶᠤ ᠦᠭᠡᠷ᠎ᠡ ᠪᠤᠯᠪᠠᠰᠤᠨ ᠪᠤᠰᠤᠦᠭᠡ ᠶᠠᠷᠢᠶ᠎ᠠ ᠪᠠᠷ ᠢᠯᠡᠳᠭᠡᠵᠦ ᠪᠤᠯᠬᠤ ᠦᠭᠡᠢ ᠭᠡᠳᠡᠭ ᠢ | ᠲᠠᠨᠢᠭᠤᠯᠬᠤ ᠬᠡᠷᠡᠭᠲᠡᠢ᠃ | 3. ᠬᠡᠤᠬᠡᠳ ᠤᠨ ᠪᠡᠶ᠎ᠡ ᠪᠠᠨ ᠲᠠᠭᠠᠭᠠᠬᠤ ᠶᠢ ᠵᠤᠷᠢᠭᠵᠢᠭᠤᠯᠤᠨ᠎ᠠ | 2 ᠨᠠᠰᠤᠲᠠᠢ ᠬᠡᠤᠬᠡᠳ ᠨᠢᠭᠡᠨᠲᠡ ᠠᠭᠠᠵᠢᠮ ᠢᠶᠠᠷ ᠦᠪᠡᠷ ᠪᠢ ᠶᠢᠨ ᠤᠬᠠᠮᠰᠠᠷ ᠲᠠᠢ ᠪᠤᠯᠵᠦ᠂ | ᠦᠪᠡᠷ ᠤᠨᠰᠠᠨᠠᠭᠠ ᠪᠠᠷ ᠢᠶᠠᠨ ᠶᠠᠪᠤᠬᠤ ᠲᠤᠷᠠᠲᠠᠢ ᠪᠠᠶᠢᠳᠠᠭ᠃ ᠡᠵᠢ ᠠᠪᠤ ᠪᠤᠯᠤᠭᠰᠠᠳ ᠪᠦᠷᠢᠮᠦᠰᠦᠨ | ᠦᠪᠡᠷ ᠤᠨ ᠪᠤᠳᠤᠯ ᠵᠶ᠋ᠠᠷᠬᠡᠤᠬᠡᠳ ᠢᠶᠠᠨ ᠠᠯᠪᠠᠳᠠᠨ ᠱᠠᠭᠠᠷᠳᠠᠵᠦ ᠪᠤᠯᠬᠤ ᠦᠭᠡᠢ᠂ ᠬᠠᠷᠢᠨ ᠵᠤᠬᠢᠬᠤ ᠬᠡᠮᠵᠢᠶᠡᠨ ᠳᠤ | ᠬᠡᠤᠬᠡᠳ ᠤᠨ ᠢᠶᠠᠨ ᠦᠪᠡᠰᠦᠪᠠᠨᠰᠢᠢᠳᠪᠦᠷᠢ ᠭᠠᠷᠭᠠᠨ᠂ ᠭᠠᠷ ᠬᠦᠳᠡᠯᠵᠦ ᠬᠢᠬᠦ ᠶᠢ ᠵᠤᠷᠢᠭᠵᠢᠭᠤᠯᠤᠨ᠎ᠠ᠃ | ᠵᠢᠱᠢᠶᠡᠯᠡᠪᠡᠯ ᠬᠡᠦᠬᠡᠳ ᠡᠮᠦᠰᠬᠦ ᠳᠤᠷᠠᠲᠠᠢᠬᠤᠪᠴᠠᠰᠦ ᠪᠠᠨ ᠰᠤᠩᠭᠤᠵᠦ ᠡᠮᠦᠰᠬᠦ ᠵᠡᠷᠭᠡ᠃ | ᠬᠤᠶᠠᠳᠤᠭᠠᠷ ᠲᠡᠷᠰᠯᠡᠬᠦ ᠬᠤᠭᠤᠴᠠᠭ᠎ᠠ ︵7-9 ᠨᠠᠰᠦ︶ | ᠮᠠᠰᠢ ᠴᠢᠩᠭ᠎ᠠ ᠲᠡᠷᠰᠯᠡᠬᠦ ᠰᠡᠳᠬᠢᠴᠡ ᠲᠠᠢ ᠪᠠᠶᠢᠬᠤ ᠪᠤᠯ ᠡᠨᠡᠬᠦ ᠱᠠᠲᠦ ᠦᠶ᠎ᠡ ᠶᠢᠨ ᠬᠡᠤᠬᠡᠳ ᠲᠤ | ᠦᠷᠭᠦᠯᠵᠢᠲ᠋ᠤᠬᠢᠶᠠᠯᠳᠤᠳᠠᠭ ᠦᠵᠡᠭᠳᠡᠯ ᠪᠠᠶᠢᠵᠦ᠂ ᠡᠷᠲᠡ ᠪᠤᠰᠬᠤ ᠲᠤᠷ᠎ᠠ ᠦᠭᠡᠢ᠂ ᠭᠡᠷ ᠢᠶᠠᠨ ᠲᠢᠭᠯᠡᠬᠦ ᠦᠭᠡᠢ᠂ | ᠬᠤᠭᠤᠯᠠ ᠭᠤᠯᠤᠬᠤ᠂ᠲᠠᠰᠬᠠᠯ ᠢᠶᠠᠨ ᠬᠢᠬᠦ ᠦᠭᠡᠢ᠂ ᠲᠧᠯᠸᠢᠰ ᠦᠵᠡᠬᠦ ᠳᠤ ᠰᠢᠨᠤᠬᠠᠢᠢᠷᠠᠬᠤ᠂ ᠰᠤᠷᠬᠤ ᠠᠴᠠ | ᠬᠠᠯᠠᠰᠢᠷᠠᠬᠤ᠂ ᠡᠵᠢ ᠠᠪᠤ ᠲᠠᠢ ᠪᠠᠨᠵᠦ᠋ᠷᠢᠭᠦᠳᠯᠡᠬᠦ ᠵᠡᠷᠭᠡ ᠦᠵᠡᠭᠳᠡᠯ ᠵᠦᠡᠭᠳᠡᠭᠡᠨ ᠲᠤᠬᠢᠶᠠᠯᠳᠤᠳᠠᠭ᠃ ᠡᠨᠡ ᠪᠤᠯ | ᠲᠡᠳᠡ ᠰᠤᠷᠭᠠᠭᠤᠯᠢ ᠳᠤ ᠤᠷᠤᠵᠦ ᠤᠯᠠᠨ ᠮᠡᠳᠡᠯᠭᠡᠡᠵᠡᠮᠰᠢᠭᠰᠡᠨ ᠤ ᠲᠠᠷᠠᠭ᠎ᠠ ᠮᠠᠰᠢ ᠴᠢᠩᠭ᠎ᠠ ᠪᠡᠶ᠎ᠡ ᠪᠠᠨ | ᠲᠠᠭᠠᠭᠠᠬᠤ ᠶᠢᠨ ᠦᠵᠡᠯ ᠤᠬᠠᠮᠰᠠᠷ ᠲᠠᠢ ᠪᠤᠯᠵᠦ᠂ ᠦᠪᠡᠷ ᠢ ᠪᠠᠨ ︽ᠪᠢᠲ᠋ᠤᠮᠦ ᠬᠦᠮᠦᠨ ᠪᠤᠯᠴᠢᠬᠠᠵᠠᠢ᠂ ᠬᠡᠤᠬᠡᠳ | ᠪᠢᠰᠢ ᠡ︕︾ ᠭᠡᠵᠦ ᠦᠵᠡᠵᠦ᠂ ᠡᠵᠢ ᠠᠪᠤ ᠶᠢᠨ ᠢᠶᠠᠨ ᠬᠠᠮᠢᠶᠠᠷᠤᠯᠲᠠ ᠡᠴᠠᠮᠤᠯᠲᠤᠷᠠᠬᠤ ᠶᠢ ᠶᠠᠭᠠᠷᠠᠵᠦ᠂ | ᠦᠷᠭᠦᠯᠵᠢ ᠡᠵᠢ ᠠᠪᠤ ᠲᠠᠢ ᠪᠠᠨ ᠡᠰᠡᠷᠭᠦᠴᠡᠯᠳᠦᠳᠡᠭ᠃ | ● ᠭᠡᠷ ᠤᠨ ᠠᠬᠠᠮᠠᠳ ᠬᠡᠷᠭᠢᠨ ᠬᠢᠪᠡᠯ ᠵᠤᠬᠢᠬᠤ ᠪᠤᠢ︖ | 1. ᠬᠡᠤᠬᠡᠳ ᠲᠤ ᠵᠤᠬᠢᠰᠲᠠᠢ ᠤᠷᠤᠨ ᠵᠠᠢ ᠪᠠ ᠡᠷᠭᠡ ᠴᠢᠯᠦᠭᠡ ᠤᠯᠭᠤᠨ᠎ᠠ | 7-9 ᠨᠠᠰᠦ ᠪᠤᠯ ᠬᠡᠤᠬᠡᠳ ᠤᠨ ᠨᠠᠭᠠᠳᠴᠦ ᠲᠤᠭᠯᠠᠬᠤ ᠲᠤᠷᠠᠲᠠᠢ ᠦᠶ᠎ᠡ ᠪᠠᠶᠢᠵᠦ᠂ ᠭᠡᠷ ᠤᠨ ᠠᠬᠠᠮᠠᠳ | ᠬᠡᠷᠪᠡᠬᠡᠤᠬᠡᠳ ᠤᠨ ᠨᠠᠭᠠᠳᠬᠤ ᠶᠢ ᠬᠡᠲᠦᠷᠭᠡᠢ ᠬᠢᠵᠠᠭᠠᠷᠯᠠᠪᠠᠯ᠂ ᠬᠡᠤᠬᠡᠳ ᠲᠤ ᠬᠦᠯᠢᠶᠡᠰᠦᠯᠡᠭᠳᠡᠵᠦ ᠪᠠᠶᠢᠭ᠎ᠠ ᠪᠤᠳᠤᠯ | ᠲᠦᠷᠦᠭᠳᠡᠵᠦ᠂ ᠡᠩᠲ᠋ᠡᠷᠢᠭᠦᠨ ᠳᠤ ᠡᠵᠢ ᠠᠪᠤ ᠲᠠᠢ ᠪᠠᠨ ᠡᠰᠡᠷᠭᠦᠴᠡᠯᠳᠦᠵᠦ᠂ ︽ᠲᠠ ᠬᠡᠷᠪᠡ ᠨᠠᠮ᠎ᠠ ᠶᠢ ᠬᠢᠯᠭᠡᠬᠦ ᠦᠭᠡᠢ | ᠭᠡᠪᠡᠯ ᠪᠢ ᠵᠠᠪᠠᠯ ᠬᠢᠨ᠎ᠡ︾ᠬᠡᠮᠡᠨ ᠵᠦᠷᠢᠭᠦᠳᠯᠡᠨ᠎ᠡ︔ ᠡᠰᠡᠪᠡᠯ ᠲᠤᠭᠤᠢ ᠲᠤᠮᠪᠤᠶᠢᠵᠦ᠂ ᠲᠤᠭᠤᠢ ᠪᠠᠷ ᠢᠶᠠᠨ ᠡᠵᠢ | ᠠᠪᠤ ᠶᠢᠨ ᠢᠶᠠᠨ ᠡᠷᠭᠡ ᠰᠦᠷ ᠢ ᠲᠠᠷᠤᠬᠤᠭᠡᠵᠦ ᠤᠷᠤᠯᠳᠤᠨ᠎ᠠ᠃ ᠢᠡᠭᠭᠢᠬᠦ ᠨᠢ ᠡᠵᠢ ᠠᠪᠤ ᠪᠠ ᠬᠡᠤᠬᠡᠳ ᠤᠨ | ᠬᠤᠭᠤᠷᠤᠨᠳᠤᠬᠢ ᠬᠠᠷᠢᠴᠠᠭ᠎ᠠ ᠶᠢ ᠤᠯᠠᠮ ᠮᠠᠭᠤᠳᠠᠭᠤᠯᠳᠠᠭ᠃ᠡᠶᠢᠮᠦ ᠠᠴᠠ ᠡᠵᠢ ᠠᠪᠤ ᠪᠤᠯᠤᠭᠰᠠᠳ ᠬᠡᠤᠬᠡᠳ ᠲᠤ | ᠵᠤᠬᠢᠰᠲᠠᠢ ᠤᠷᠤᠨ ᠵᠠᠢ ᠪᠠ ᠡᠷᠭᠡ ᠴᠢᠯᠦᠭᠡ ᠤᠯᠭᠤᠪᠠᠯ ᠵᠤᠬᠢᠨ᠎ᠠ᠃ | 2. ᠬᠡᠤᠬᠡᠳ ᠤᠨ ᠰᠤᠷᠤᠯᠴᠠᠬᠤ ᠤᠷᠮ᠎ᠠ ᠪᠠᠬ᠎ᠠ ᠶᠢ ᠬᠦᠮᠦᠵᠢᠭᠦᠯᠦᠨ᠎ᠡ | ᠰᠤᠷᠤᠯᠴᠠᠬᠤ ᠤᠷᠮ᠎ᠠ ᠪᠠᠬ᠎ᠠ ᠶᠢ ᠬᠦᠭᠵᠢᠭᠡᠬᠦ ᠳᠤ ᠲᠡᠮ ᠬᠡᠷᠡᠭ ᠲᠠᠢ᠃ ᠵᠢᠱᠢᠶᠡᠯᠡᠪᠡᠯ᠂ ᠬᠡᠤᠬᠡᠳ | ᠰᠤᠷᠤᠯᠴᠠᠬᠤᠬᠠᠯᠠᠭᠤᠨ ᠤᠷᠮᠠᠰ ᠦᠭᠡᠢ ᠦᠶᠡᠰ᠂ ᠭᠡᠷ ᠤᠨ ᠠᠬᠠᠮᠠᠳ ᠬᠡᠤᠬᠡᠳ ᠲᠠᠢ ᠪᠠᠨ ᠲᠡᠳᠡᠨ ᠤ ᠬᠤᠵᠢᠮ | ᠢᠷᠡᠭᠡᠳᠦᠢ ᠶᠢᠨ ᠳᠤᠬᠠᠢᠶᠠᠷᠢᠯᠴᠠᠵᠦ᠂ ᠬᠦᠰᠡᠯ ᠡᠷᠡᠮᠡᠯᠵᠡᠯ ᠢᠶᠠᠷ ᠰᠤᠷᠤᠯᠴᠠᠬᠤ ᠲᠤᠷ᠎ᠠ ᠪᠠᠬ᠎ᠠ ᠶᠢ ᠨᠢ ᠬᠦᠭᠵᠢᠭᠡᠵᠦ | ᠪᠤᠯᠤᠨ᠎ᠠ︔ ᠬᠡᠤᠬᠡᠳ ᠨᠤᠮ ᠤᠡᠭᠰᠢᠬᠤᠲ᠋ᠤᠷᠠ ᠦᠭᠡᠢ ᠪᠠᠶᠢᠪᠠᠯ᠂ ᠭᠡᠷ ᠤᠨ ᠠᠬᠠᠮᠠᠳ ᠪᠡᠶ᠎ᠡ ᠪᠠᠷ ᠢᠶᠠᠨ ᠲᠠᠭᠤᠷᠢᠶᠠᠯ | ᠪᠤᠯᠬᠤ ᠠᠴᠠ ᠭᠠᠳᠠᠨ᠎ᠠ᠂ ᠬᠡᠤᠬᠡᠳ ᠢᠶᠠᠨ ᠦᠷᠭᠦᠯᠵᠢᠨᠤᠮ ᠤᠨ ᠲᠡᠯᠭᠡᠭᠦᠷ᠂ ᠨᠤᠮ ᠤᠨ ᠰᠠᠩ ᠵᠡᠷᠭᠡ ᠭᠠᠵᠠᠷ ᠢᠶᠠᠷ | ᠠᠪᠠᠴᠢᠵᠦ ᠲᠤᠭᠤᠷᠢᠭᠤᠯᠤᠨᠠ︔ ᠬᠡᠤᠬᠡᠳ ᠰᠢᠯᠭᠠᠯᠲᠠ ᠳᠠᠭᠠᠨ ᠮᠠᠭᠤᠰᠢᠯᠭᠠᠴᠢᠬᠠᠪᠠᠯ᠂ ᠬᠡᠤᠬᠡᠳ ᠢᠶᠠᠨ ᠵᠢᠮᠡᠯᠡᠬᠦ ᠪᠢᠰᠢ | ᠬᠠᠷᠢᠨ ᠲᠠᠶᠢᠳᠬᠤᠷᠠᠭᠤᠯᠤᠨ᠎ᠠ︔ ᠬᠡᠤᠬᠡᠳ ᠪᠠᠭ᠎ᠠ ᠴᠤ ᠬᠡᠰᠡᠨ ᠲᠠᠪᠰᠢᠯᠲᠠ ᠲᠠᠢᠪᠠᠶᠢᠪᠠᠯ ᠮᠠᠭᠲᠠᠨ ᠰᠠᠶᠢᠰᠢᠶᠠᠬᠤ | ᠬᠡᠷᠡᠭᠲᠡᠢ᠃ | 3. ᠠᠷᠠᠳᠴᠢᠯᠠᠯ ᠢ ᠲᠡᠭᠡᠳᠦᠯᠡᠨᠡ | 7-9 ᠨᠠᠰᠤᠨ ᠤ ᠬᠡᠤᠬᠡᠳ ᠨᠢᠭᠡᠨᠲᠡ ᠪᠡᠶ᠎ᠡ ᠪᠠᠨ ᠲᠠᠭᠠᠭᠠᠵᠦ ᠰᠡᠳᠬᠢᠨ ᠪᠤᠳᠤᠬᠤ ᠴᠢᠳᠠᠪᠤᠷᠢ ᠲᠠᠢ | ᠪᠤᠯᠤᠭᠰᠠᠨ ᠠᠴᠠ᠂ᠭᠡᠷ ᠤᠨ ᠠᠬᠠᠮᠠᠳ ᠡᠵᠡᠨ ᠮᠡᠳᠡᠬᠦ ᠡᠷᠭᠡ ᠶᠢ ᠠᠯᠭᠤᠷ ᠠᠯᠭᠤᠷ ᠢᠶᠠᠷ ᠬᠡᠤᠬᠡᠳ ᠲᠤ ᠲᠤᠰᠢᠶᠠᠵᠦ᠂ | ᠬᠡᠷ ᠪᠦᠯᠢ ᠶᠢᠨ ᠤᠴᠢᠷᠡᠰᠡᠭᠦᠯᠡ ᠬᠡᠤᠬᠡᠳ ᠤᠨ ᠤᠴᠢᠷ ᠲᠤ ᠢᠯᠡᠭᠦᠭᠡᠨ ᠬᠡᠦᠬᠡᠳ ᠲᠠᠢ ᠪᠠᠨ ᠰᠠᠨᠠᠯ ᠢᠶᠠᠨ | ᠰᠤᠯᠢᠯᠴᠠᠵᠦ ᠵᠦᠪᠳᠡᠯᠴᠡᠨ᠎ᠡ᠃ | ᠭᠤᠷᠪᠠᠳᠤᠭᠠᠷ ᠲᠡᠷᠰᠯᠡᠬᠦ ᠬᠤᠭᠤᠴᠠᠭ᠎ᠠ ︵12-15 ᠨᠠᠰᠦ︶ | ᠵᠠᠯᠠᠭᠤ ᠨᠠᠰᠤᠨ ᠤ ᠦᠶ᠎ᠡ ᠡᠬᠢᠯᠡᠮᠡᠭᠴᠡ ᠬᠦᠦ ᠬᠡᠤᠬᠡᠨ ᠰᠤᠷᠤᠭᠴᠢ ᠬᠡᠰᠡᠨ ᠦᠭᠡᠢ᠂ ᠪᠤᠳᠤᠯ ᠰᠡᠳᠬᠢᠯ ᠪᠠ | ᠦᠢᠯᠡᠠᠵᠢᠯᠯᠠᠭ᠎ᠠ ᠶᠢᠨ ᠲᠠᠯ᠎ᠠ ᠳᠤᠨᠢ ᠮᠠᠰᠢ ᠶᠡᠭᠡ ᠬᠤᠪᠢᠷᠠᠯᠲᠠ ᠭᠠᠷᠳᠠᠭ᠃ ᠡᠨᠡᠬᠦ ᠬᠤᠭᠤᠴᠠᠭᠠᠨ ᠳᠤ ᠲᠡᠳᠡ | ᠡᠳᠡᠭᠡᠳ ᠵᠦᠷᠢᠭᠦᠦᠪᠠᠶᠢᠵᠦ᠂ ᠦᠪᠡᠷ ᠤᠨ ᠬᠢ ᠪᠠᠷ ᠲᠦᠪ ᠪᠤᠯᠭᠠᠵᠦ᠂ ᠠᠮᠠᠷᠬᠠᠨ ᠠᠭᠤᠷᠯᠠᠵᠦ᠂ ᠦᠭᠡ ᠰᠤᠨᠤᠰᠬᠤ | ᠦᠭᠡᠢ ᠪᠤᠯᠳᠠᠭ᠃ ᠡᠨᠡ ᠨᠢᠬᠤᠷᠮᠤᠨ ᠠᠴᠠ ᠪᠤᠯᠤᠭᠰᠠᠨ ᠭᠡᠵᠦ ᠰᠢᠨᠵᠢᠯᠡᠬᠦ ᠤᠬᠠᠭᠠᠨᠳᠠᠳ ᠦᠵᠡᠵᠦ ᠪᠤᠢ᠃ ᠤᠶᠤᠨ | ᠤᠬᠠᠭᠠᠨ ᠪᠠ ᠰᠢᠢᠳᠪᠦᠷᠢ ᠭᠠᠷᠭᠠᠬᠤ ᠵᠢᠡᠵᠡᠮᠳᠡᠵᠦ ᠪᠠᠶᠢᠭ᠎ᠠ ᠶᠡᠭᠡ ᠲᠡᠷᠢᠬᠢᠨ ᠤ ᠮᠠᠩᠨᠠᠢ ᠶᠢᠨ ᠬᠡᠯᠳᠡᠰ ᠨᠢ | ᠶᠡᠷᠦᠳᠡᠭᠡᠨ 20 ᠠᠴᠠ 25 ᠨᠠᠰᠦ ᠬᠦᠷᠦᠭᠡᠳᠪᠤᠯᠪᠠᠰᠤᠷᠠᠳᠠᠭ᠃ ᠡᠶᠢᠮᠦ ᠠᠴᠠ ᠵᠠᠯᠠᠭᠤ ᠨᠠᠰᠤᠨ ᠤ ᠦᠶ᠎ᠡ ᠶᠢᠨ | ᠬᠡᠤᠬᠡᠳ ᠤᠨ ᠤᠷᠮ᠎ᠠ ᠰᠡᠳᠬᠢᠯᠭᠡ ᠨᠢ ᠠᠮᠠᠷᠬᠠᠨ ᠬᠤᠷᠮᠤᠨ ᠤᠨᠦ᠋ᠯᠦᠭᠡ ᠶᠢ ᠬᠦᠷᠳᠡᠵᠦ᠂ ᠴᠦᠯᠢᠰ ᠵᠠᠩ ᠲᠠᠢ | ᠪᠤᠯᠳᠠᠭ᠃ | ● ᠭᠡᠷ ᠤᠨ ᠠᠬᠠᠮᠠᠳ ᠬᠡᠷᠭᠢᠨ ᠬᠢᠪᠡᠯ ᠵᠤᠬᠢᠬᠤ ᠪᠤᠢ︖ | ᠭᠡᠷ ᠤᠨ ᠠᠬᠠᠮᠠᠳ ᠬᠡᠷᠪᠠ ᠬᠡᠤᠬᠡᠳ ᠢᠶᠠᠨ ᠠᠯᠪᠠ ᠪᠠᠷ ᠬᠠᠮᠢᠶᠠᠷᠴᠦ ᠰᠤᠷᠭᠠᠪᠠᠯ᠂ ᠲᠦᠰᠦᠭᠡᠯᠡᠭᠰᠡᠨ | ᠦᠷ᠎ᠡᠪᠦ᠋ᠲᠦᠮᠵᠢ ᠳᠤ ᠬᠦᠷᠴᠦ ᠲᠡᠶᠢᠯᠬᠦ ᠦᠭᠡᠢ ᠮᠦᠷᠳᠡᠭᠡᠨ ᠬᠡᠤᠬᠡᠳ ᠤᠨ ᠲᠡᠷᠰᠯᠡᠬᠦ ᠰᠡᠳᠬᠢᠴᠡ ᠤᠯᠠᠮ | ᠬᠡᠴᠡᠭᠦᠳᠡᠬᠦ ᠪᠤᠯᠤᠨ᠎ᠠ᠃ᠡᠶᠢᠮᠦ ᠠᠴᠠ ᠭᠡᠷ ᠤᠨ ᠠᠬᠠᠮᠠᠳ ᠦᠪᠡᠷ ᠤᠨ ᠰᠡᠳᠬᠢᠯ ᠢᠶᠠᠨ ᠲᠠᠯᠪᠢᠭᠤᠨ ᠪᠠᠶᠢᠯᠭᠠᠵᠦ᠂ | ᠲᠤᠳᠠᠭᠤ ᠰᠢᠭᠦᠮᠵᠢᠯᠡᠵᠦ᠂ ᠢᠯᠡᠭᠦᠭᠡᠨᠠᠭᠤᠴᠢᠯᠠᠵᠦ ᠪᠠᠭᠳᠠᠭᠠᠪᠠᠯ ᠵᠤᠬᠢᠨ᠎ᠠ᠃ ᠵᠠᠯᠠᠭᠤ ᠨᠠᠰᠤᠨ ᠤ ᠦᠶ᠎ᠡ ᠶᠢᠨ | ᠬᠡᠤᠬᠡᠳ ᠲᠠᠢ ᠰᠠᠶᠢᠨ ᠰᠠᠶᠢᠬᠠᠨ ᠬᠠᠷᠢᠴᠠᠭᠠᠪᠠᠶᠢᠭᠤᠯᠬᠤ ᠶᠢᠨ ᠬᠠᠮᠤᠭ ᠤᠨ ᠰᠠᠶᠢᠨ ᠠᠷᠭ᠎ᠠ ᠪᠤᠯ ᠡᠷᠭᠡ ᠲᠡᠭᠰᠢ | ᠪᠠᠶᠢᠵᠦ᠂ ᠬᠡᠤᠬᠡᠳ ᠢᠶᠠᠨ ᠬᠦᠨᠳᠦᠳᠭᠡᠵᠦ᠂ ᠬᠡᠤᠬᠡᠳ ᠲᠠᠢ ᠪᠠᠨᠵᠦ᠋ᠪ ᠢᠶᠠᠷ ᠬᠠᠷᠢᠴᠠᠬᠤ ᠶᠢ ᠪᠠᠲᠤᠯᠠᠬᠤ ᠶᠠᠪᠤᠳᠠᠯ | ᠪᠤᠯᠤᠨ᠎ᠠ᠃ ᠬᠡᠤᠬᠡᠳ ᠲᠤ ᠵᠤᠬᠢᠬᠤ ᠤᠷᠤᠨ ᠵᠠᠢ ᠬᠠᠨᠭ᠍ᠭᠠᠵᠦ᠂ ᠬᠡᠲᠦᠷᠭᠡᠢ ᠶᠡᠭᠡᠪᠡᠷᠬᠠᠷᠰᠢᠯᠠᠵᠦ ᠪᠤᠯᠬᠤ ᠦᠭᠡᠢ᠃ | ᠲᠡᠷᠰᠯᠡᠬᠦ ᠪᠤᠯ ᠬᠡᠤᠬᠡᠳ ᠤᠨ ᠪᠤᠷᠤᠭᠤ ᠪᠢᠰᠢ ᠭᠡᠳᠡᠭ ᠢ ᠬᠡᠷ ᠤᠨ ᠠᠬᠠᠮᠠᠳ ᠵᠠᠪᠠᠯ ᠮᠡᠳᠡᠬᠦᠴᠢᠬᠤᠯᠠᠲᠠᠢ ᠶᠤᠮ᠃ | ᠬᠡᠤᠬᠡᠳ ᠤᠨ ᠲᠡᠷᠰᠯᠡᠬᠦ ᠶᠢ ᠰᠢᠢᠳᠪᠦᠷᠢᠯᠡᠬᠦ ᠶᠢᠨ ᠬᠠᠮᠤᠭ ᠤᠨ ᠵᠠᠩᠭᠢᠯᠠᠭ᠎ᠠ ᠨᠢ ᠬᠡᠷ ᠤᠨ ᠠᠬᠠᠮᠠᠳ ᠤᠨᠰᠤᠷᠭᠠᠬᠤ | ᠠᠷᠭ᠎ᠠ ᠳᠤ ᠪᠤᠢ︔ ᠬᠡᠤᠬᠡᠳ ᠤᠷᠪᠠᠨ ᠲᠡᠷᠰᠯᠡᠪᠡᠯ᠂ ᠭᠡᠷ ᠤᠨ ᠠᠬᠠᠮᠠᠳ ᠴᠢᠳᠠᠬᠤ ᠶᠢᠨ ᠲᠤᠲᠤᠷ᠎ᠠ ᠵᠤᠳᠤᠬᠤ | ᠦᠭᠡᠢᠬᠠᠷᠢᠶᠠᠬᠤ ᠦᠭᠡᠢ ᠪᠠᠶᠢᠬᠤ ᠶᠢ ᠬᠢᠵᠦ ᠲᠡᠶᠢᠯᠦᠭᠰᠡᠨ ᠪᠠᠶᠢᠪᠠᠯ ᠵᠤᠬᠢᠨ᠎ᠠ᠃ |