︽蒙古︾  ᠬᠡᠬᠦ  ᠦᠭᠡ ᠶᠢ ᠳᠣᠪᠴᠢᠯᠠᠬᠤ ᠨᠢ ᠪᠣᠷᠣᠭᠤ
ᠨᠡᠶᠢᠲᠡᠯᠡᠭᠰᠡᠨ ᠴᠠᠭ᠄
2018/7/24
 ᠰᠠ᠊  ᠂  ᠮᠦᠩᠬᠡᠨᠠᠷᠠᠨ                                ᠦᠨᠳᠣᠰᠣᠳᠡᠨ ᠤ ᠨᠡᠷ᠎ᠡ ᠪᠣᠯ ᠨᠢᠭᠡ ᠣᠭᠰᠠᠭᠠᠳᠠᠨ ᠶᠠᠰᠣᠳᠠᠨ ᠤ ᠣᠷᠳᠦ ᠣᠳᠠᠭᠠᠨ ᠳᠡᠣᠬᠡ ᠶᠢᠨ ᠣᠯᠠᠷᠢᠯ ᠬᠤᠪᠢᠰᠣᠯ ᠤᠨ ᠶᠠᠪᠣᠴᠠ ᠳᠤ ᠪᠦᠷᠢᠯᠳᠣᠨ ᠳᠣᠭᠳᠠᠪᠣᠷᠢᠵᠢᠭᠰᠠᠨ ᠨᠢᠭᠡ  ᠪᠦᠬᠦᠯᠢ ᠴᠣᠭᠴᠠ ᠶᠢᠨ ᠨᠠᠷᠠᠶᠢᠳᠦᠯ ᠪᠣᠯᠬᠤ ᠣᠴᠢᠷ᠂ ᠬᠡᠨ ᠬᠦᠮᠦᠨ ᠰᠠᠨᠠᠭᠠᠨ ᠲᠠᠪᠠ ᠪᠠᠷ ᠢᠶᠠᠨ ᠦᠬᠡᠷᠡᠴᠢᠯᠡᠵᠦ ᠬᠠᠯᠠᠭᠠᠳ ᠬᠡᠷᠡᠭᠯᠡᠵᠦ ᠳᠦᠬᠡᠮᠡᠯᠵᠢᠬᠦᠯᠵᠦ  ᠪᠣᠯᠣᠰᠢ ᠦᠭᠡᠢ ᠳᠠᠷᠬᠠᠨ ᠨᠠᠨᠳᠢᠨ ᠵᠦᠢᠯ ᠪᠠᠶᠢᠬᠤ ᠶᠣᠰᠣᠳᠠᠢ ᠶᠤᠮ᠃          ᠮᠠᠨ ᠤ ᠮᠣᠩᠭᠤᠯ ᠦᠨᠳᠣᠰᠣᠳᠡᠨ ᠤ ᠨᠡᠷ᠎ᠡ ᠴᠦ ᠨᠢᠭᠡᠨ ᠠᠳᠠᠯᠢ ᠪᠠᠷ  ᠸᠧᠢ ᠣᠯᠣᠰ ᠤᠨ ᠳᠡᠣᠬᠡ  ᠱᠠᠰᠳᠢᠷ ᠲᠤ ᠠᠩᠬ᠎ᠠ ︽没歌部︾᠂ ︽没骨人︾᠂ ︽木骨 闾︾ ᠬᠡᠬᠦᠴᠢᠯᠡᠨ ᠬᠠᠷᠢ ᠬᠡᠯᠡ ᠪᠢᠴᠢᠭ ᠳᠡᠭᠡᠷ᠎ᠡ ᠳᠡᠮᠳᠡᠭᠯᠡᠭᠳᠡᠨ ᠭᠠᠷᠴᠦ ᠢᠷᠡᠭᠰᠡᠨ ᠠᠴᠠ ᠨᠠᠰᠢ ᠣᠯᠠᠨ ᠵᠠᠭᠤᠨ ᠤ ᠳᠣᠷᠰᠢ ᠡᠯᠳᠡᠪ ᠶᠠᠩᠵᠦ  ᠪᠠᠷ ᠪᠢᠴᠢᠭᠳᠡᠵᠦ ᠳᠠᠶᠢᠯᠪᠣᠷᠢᠯᠠᠵᠦ ᠶᠠᠪᠣᠭᠰᠠᠭᠠᠷ᠂ ᠶᠣᠸᠠᠨ ᠣᠯᠣᠰ ᠤᠨ ᠦᠶ᠎ᠡ ᠳᠤ ᠰᠠᠶ᠋ᠢ ︽蒙古︾  ᠬᠡᠬᠦ ᠳᠣᠭᠳᠠᠮᠠᠯ ᠬᠢᠲᠠᠳ ᠦᠰᠦᠭ ᠤᠨ ᠪᠢᠴᠢᠭ ᠲᠠᠢ ᠪᠣᠯᠣᠭᠰᠠᠨ ᠬᠡᠵᠦ ᠡᠷᠳᠡᠮᠳᠡᠨ ᠰᠣᠳᠣᠯᠭᠠᠳᠠᠨ ᠦᠵᠡᠵᠦ ᠪᠣᠢ᠃ ᠠᠳᠠ ᠪᠢ ︽ ᠮᠣᠩᠭᠤᠯ︾ ᠬᠡᠬᠦ ᠦᠭᠡ ᠶᠢᠨ ᠢᠷᠡᠯ ᠭᠠᠷᠣᠯ᠂ ᠣᠳᠬ᠎ᠠ ᠰᠠᠨᠠᠭ᠎ᠠ ᠶᠢ  ᠦᠬᠦᠯᠡᠬᠦ ᠪᠣᠰᠣ᠂ ᠬᠠᠷᠢᠨ ᠳᠡᠯᠡᠬᠡᠢ ᠶᠢᠨ ᠣᠯᠠᠨ ᠦᠨᠳᠣᠰᠣᠳᠡᠨ   ᠳᠤ ︽ ᠮᠣᠩᠭᠤᠯ ᠦᠨᠳᠣᠰᠣᠳᠡᠨ᠂ ᠮᠣᠩᠭᠤᠯ ᠬᠦᠮᠦᠨ︾ ᠬᠡᠵᠦ  ᠳᠠᠨᠢᠭᠳᠠᠵᠦ ᠮᠡᠳᠡᠷᠡᠭᠳᠡᠭᠰᠡᠨ ᠦᠨᠳᠣᠰᠣᠳᠡᠨ ᠤ ᠮᠢᠨᠢ ᠨᠠᠷᠡᠶᠢᠳᠦᠯ ᠢ ᠶᠠᠭᠤᠨ ᠳᠤ ᠵᠠᠪᠠᠯ ᠳᠣᠪᠴᠢᠯᠠᠨ ᠪᠢᠴᠢᠵᠦ᠂ ᠳᠦᠬᠦᠮᠴᠢᠯᠡᠨ ᠶᠠᠷᠢᠬᠤ ᠪᠢᠯᠡ  ︕        ᠮᠠᠨ ᠤ ᠬᠢᠨ ᠤ ᠪᠢᠴᠢᠭᠳᠡᠨ ᠰᠡᠬᠡᠬᠡᠳᠡᠨ᠂ ᠠᠵᠢᠯᠳᠠᠨ ᠠᠯᠪᠠᠳᠠᠨ ᠮᠠᠨᠢ ᠡᠨᠡ ᠳᠡᠷᠡ ᠬᠦᠰᠦᠨᠦᠭ᠂ ᠨᠡᠷ᠎ᠡ  ᠶᠢᠨ ᠺᠠᠷᠲ ᠳᠠᠭᠯᠠᠬᠤ   ︵ ᠠᠶᠠᠨᠳᠠᠭᠠᠨ ᠬᠢᠲᠠᠳ ᠦᠰᠦᠭ ᠢᠶᠠᠷ ᠪᠢᠴᠢᠬᠦ ᠵᠦᠢᠯᠡᠰ︶   ᠳᠠᠭᠠᠨ ᠦᠨᠳᠣᠰᠣᠳᠡᠨ ᠤ ᠢᠯᠭᠠᠯ ᠤᠨ ᠬᠡᠰᠡᠭ   ᠲᠤ  ︽蒙︾ ᠭᠡᠵᠦ ᠳᠣᠷᠠᠶᠢᠳᠠᠯ᠎ᠠ ᠪᠢᠴᠢᠨ᠂ ︽ ᠲᠠ ᠶᠠᠮᠠᠷ ᠦᠨᠳᠣᠰᠣᠳᠡᠨ ᠪᠣᠢ︖︾ ᠬᠡᠪᠡᠯ ︽蒙族︾  ᠬᠡᠳ ᠠᠵᠢᠭ ᠴᠦ ᠦᠭᠡᠢ ᠶᠠᠷᠢᠳᠠᠭ᠃ ᠳᠡᠬᠡᠪᠡᠯ ᠡᠨᠡ ︽蒙︾  ᠬᠡᠰᠡᠨ ᠬᠢᠲᠠᠳ ᠦᠰᠦᠭ ᠢ ᠠᠪᠢᠶᠠᠴᠢᠯᠠᠨ ᠣᠷᠴᠢᠭᠤᠯᠵᠦ ᠪᠢᠴᠢᠪᠡᠯ ︽ ᠮᠧᠩ︾  ᠪᠣᠯᠣᠨ᠎ᠠ᠃ ᠢᠩᠬᠢᠭᠰᠡᠭᠡᠷ ᠶᠡᠭᠡ ᠠᠰᠠᠭᠤᠳᠠᠯ ᠭᠠᠷᠴᠦ ᠢᠷᠡᠨ᠎ᠡ᠃ ᠠᠷᠪᠡᠨ ᠭᠤᠷᠪᠠᠳᠣᠭᠠᠷ ᠵᠠᠭᠤᠨ ᠳᠤ ᠠᠽᠢᠶ᠎ᠠ ᠡᠸᠦ᠋ᠷᠦᠫᠠ ᠬᠤᠶᠠᠷ ᠳᠢᠪ ᠢ ᠠᠭᠲᠠ ᠶᠢᠨ ᠨᠢᠷᠣᠭᠤᠨ ᠳᠡᠭᠡᠷ᠎ᠡ ᠳᠣᠭᠤᠯᠵᠦ ᠶᠠᠪᠣᠭᠰᠠᠨ ᠮᠠᠨ ᠤ ᠦᠨᠳᠣᠰᠣᠳᠡᠨ ᠮᠢᠨᠢ ᠬᠠᠷᠢᠨ ︽ ᠮᠧᠩ︾  ᠦᠨᠳᠣᠰᠣᠳᠡᠨ ᠬᠡᠭᠴᠢ ᠨᠢ ᠪᠣᠯᠴᠢᠬᠤ ᠦᠭᠡᠢ ᠦᠦ︖      ᠡᠶᠢᠮᠣᠷᠬᠦ ᠮᠠᠨ ᠤ ᠮᠣᠩᠭᠤᠯ ᠦᠨᠳᠣᠰᠣᠳᠡᠨ ᠤ ᠨᠡᠷ᠎ᠡ ᠳᠦᠷᠦ ᠳᠤ ᠬᠤᠯᠪᠣᠭᠳᠠᠭᠰᠠᠨ ᠰᠣᠨᠢᠨ ᠵᠢᠭᠲᠡᠢ ᠶᠠᠪᠣᠳᠠᠯ ᠪᠠᠭ᠎ᠠ ᠪᠣᠰᠦ ᠭᠠᠷᠴᠦ ᠪᠠᠶᠢᠭᠰᠠᠨ᠂ ᠣᠳᠦ ᠴᠦ ᠬᠡᠳ ᠮᠦᠨ ᠦᠷᠬᠦᠯᠵᠢᠯᠡᠭᠰᠡᠭᠡᠷ ᠪᠠᠶᠢᠭ᠎ᠠ   ᠨᠢ ᠰᠡᠳᠬᠢᠬᠦᠰᠢᠲᠠᠢ ᠪᠢᠯᠡ᠃      ᠳᠡᠬᠡᠪᠡᠯ ᠡᠨᠡᠬᠦ  ︽蒙︾  ᠬᠡᠰᠡᠨ ᠳᠣᠪᠴᠢᠯᠡᠯ ᠪᠢᠴᠢᠯᠭᠡ ᠳᠦᠬᠦᠮᠵᠢᠯᠡᠯ ᠬᠡᠯᠡᠯᠭᠡ ᠶᠢᠨ ᠳᠣᠬᠠᠢ ᠰᠣᠷᠠᠭ  ᠡᠷᠢᠪᠡᠯ᠂ ᠪᠠᠷᠤᠭ ᠮᠠᠨᠵᠦ ᠶᠢᠨ ᠦᠶ᠎ᠡ ᠠᠴᠠ ᠡᠬᠢ ᠠᠪᠣᠭᠰᠠᠨ  ᠳᠦᠯᠦᠪ ᠲᠠᠢ᠃ ᠳᠡᠬᠦᠨ ᠤ ᠨᠢᠭᠡ ᠬᠡᠷᠡᠴᠢ ᠪᠣᠯᠬᠤ ︽ ᠮᠣᠩᠭᠤᠯ ᠳᠦᠪᠡᠳ ᠤᠨ ᠬᠡᠷᠡᠭ ᠡᠷᠬᠢᠯᠡᠬᠦ ᠳᠣᠪᠴᠢᠶ᠎ᠠ︾  ᠬᠡᠰᠡᠨ ᠢ ᠬᠢᠲᠠᠳ ᠢᠶᠠᠷ ︽蒙藏事务所︾ ᠬᠡᠮᠡᠨ ᠪᠢᠴᠢᠵᠦ ᠪᠠᠶᠢᠳᠠᠭ᠃ ᠡᠬᠦᠨ ᠠᠴᠠ  ᠦᠵᠡᠬᠦ ᠳᠤ ᠳᠣᠬᠠᠢ ᠶᠢᠨ ᠦᠶ᠎ᠡ ᠶᠢᠨ ᠮᠣᠩᠭᠤᠯᠴᠣᠳ ᠡᠰᠡᠬᠦᠯ᠎ᠡ ᠬᠡᠯᠡᠨ ᠤ ᠣᠷᠴᠢᠭᠤᠯᠣᠭᠴᠢᠳ ᠬᠢᠲᠠᠳ ᠪᠢᠴᠢᠭ ᠢ ᠶᠠᠮᠠᠷ  ᠨᠢᠭᠡ ᠨᠡᠷ᠎ᠡ ᠳᠣᠮᠢᠶ᠎ᠠ ᠶᠢ ᠳᠣᠪᠴᠢᠯᠠᠵᠦ ᠪᠢᠴᠢᠬᠦ ᠨᠡᠷ᠎ᠡ ᠳᠣᠮᠢᠶ᠎ᠠ ᠶᠢ ᠳᠣᠪᠴᠢᠯᠠᠵᠦ ᠪᠢᠴᠢᠬᠦ ᠳᠦᠷᠢᠮ ᠢ ᠳᠠᠭᠤᠷᠢᠶᠠᠨ ︽蒙古︾ ᠬᠡᠰᠡᠨ ᠢ ᠵᠣᠷᠢᠯᠭ᠎ᠠ ᠦᠭᠡᠢ ᠪᠠᠷ ᠳᠣᠪᠴᠢᠯᠠᠨ ᠪᠢᠴᠢᠵᠦ ᠳᠦᠬᠦᠮᠴᠢᠯᠡᠨ ᠶᠠᠷᠢᠬᠤ ᠪᠣᠯᠣᠭᠰᠠᠨ ᠮᠠᠭᠠᠳ ᠪᠠᠶᠢᠨ᠎ᠠ᠃ ᠢᠩᠬᠢᠭᠡᠳ ᠬᠦᠮᠦᠰ ᠠᠮᠠᠨ ᠤ ᠠᠶ᠎ᠠ  ᠪᠠᠷ ᠶᠠᠷᠢᠵᠦ᠂ ᠭᠠᠷ ᠤᠨ ᠠᠶ᠎ᠠ ᠪᠠᠷ ᠪᠢᠴᠢᠭᠡᠳ ᠳᠠᠳᠴᠢᠬᠠᠭᠰᠠᠨ, ᠳᠣᠪᠴᠢᠯᠠᠯ ᠠᠴᠠ ᠬᠡᠳᠦ ᠶᠢ  ᠰᠡᠶᠢᠷᠡᠬᠦᠯᠪᠡᠯ蒙藏医院᠂  蒙族服饰᠂  蒙语言文学系  ᠂ 蒙文学校᠂蒙文报刊  ᠬᠡᠬᠦ ᠮᠡᠳᠦ᠃ ᠣᠯᠠᠩᠬᠢ ᠬᠦᠮᠦᠰ ᠡᠳᠡᠭᠡᠷ ᠢ ᠴᠦᠮ ᠵᠦᠪ ᠬᠡᠵᠦ ᠦᠵᠡᠵᠦ ᠪᠠᠶᠢᠳᠠᠭ᠃ ᠬᠡᠷᠪᠡ ᠠᠮᠠᠨ ᠶᠠᠷᠢᠶᠠᠨ ᠳᠤ ︽蒙︾  ᠬᠡᠵᠦ ᠶᠠᠷᠢᠪᠠᠯ ᠪᠠᠰᠠ ᠳᠠᠳᠴᠢᠬᠠᠭᠰᠠᠨ ᠳᠣᠯᠠ ᠬᠡᠳᠦᠷᠬᠡᠢ ᠪᠣᠷᠣᠭᠤᠰᠢᠶᠠᠬᠤ ᠬᠡᠷᠡᠭ ᠦᠭᠡᠢ ᠂ ᠬᠡᠲᠡᠯ᠎ᠡ ᠨᠠᠶᠢᠬᠡᠮ ᠤᠨ ᠬᠡᠯᠡ ᠪᠠ ᠪᠢᠴᠢᠭ ᠤᠨ ᠬᠡᠯᠡᠨ ᠳᠤ ︽蒙古︾ ᠬᠡᠬᠦ ᠨᠡᠷ᠎ᠡ ᠶᠢ ᠳᠣᠪᠴᠢᠯᠠᠵᠦ ᠶᠠᠭᠠᠬᠢᠭᠰᠠᠨ ᠴᠦ ᠪᠣᠯᠬᠤ ᠦᠭᠡᠢ ᠶᠤᠮ᠃
 
ᠢᠷᠡᠯᠲᠡ᠄ ᠸᠢᠴᠠᠲ ᠳᠠᠪᠴᠠᠩ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号