ᠲᠡᠷᠡ ᠨᠢᠬᠡᠨ ᠪᠦᠰᠡᠬᠦᠢ
ᠨᠡᠶᠢᠲᠡᠯᠡᠭᠰᠡᠨ ᠴᠠᠭ᠄
2018/7/24
ᠪᠠᠪᠣᠣ ᠶᠢᠨ ᠯᠾᠬᠠᠪᠠᠰᠦ᠋ᠷᠦᠩ
    ᠬᠤᠪᠢ ᠳᠣᠳᠠᠭᠰᠠᠨ ᠳᠣᠷᠠᠯᠠᠯ ᠢᠶᠠᠷ ᠡᠪᠡᠳᠴᠦ ᠬᠤᠭᠤᠷ ᠤᠨ ᠴᠢᠪᠬᠠᠳᠠᠰᠦ  ᠰᠢᠭ᠋ ᠬᠦᠭ ᠣᠷᠣᠵᠦ ᠬᠤᠪᠴᠠᠰᠣᠨ ᠳᠣᠳᠣᠷ᠎ᠠ ᠪᠠᠨ ᠰᠢᠳᠠᠵᠦ ᠶᠠᠪᠣᠬᠤ ᠳᠤ ᠮᠢᠨᠢ ᠴᠢ ᠨᠠᠮ᠎ᠠ ᠶᠢ ᠳᠣᠭᠤᠭ᠎ᠠ ᠦᠭᠡᠢ᠂᠂᠂᠂ ᠳᠡᠬᠡᠭᠦ ᠳᠤ ᠴᠢ ᠬᠤᠯᠠ ᠶᠢᠨ ᠬᠤᠯᠠ ᠳᠤ ᠭᠠᠯ ᠤᠨ ᠰᠣᠷ ᠰᠢᠭ᠋ ᠯᠡ ᠪᠠᠶᠢᠭᠰᠠᠨ ᠬᠤᠶᠠᠷ  ᠮᠦᠷ ᠰᠢᠯᠦᠭ ᠰᠢᠭ ᠣᠷᠣᠭᠤᠯ ᠢᠶᠠᠷ ᠴᠢᠨᠢ ᠦᠨᠦᠰᠦᠬᠦᠯᠵᠦ ᠬᠤᠷᠸ᠎ᠠ ᠶᠢ ᠪᠠᠷᠠᠶ᠎ᠠ ᠳ᠋ᠠ ᠬᠡᠵᠦ ᠶᠡᠭᠡ ᠪᠣᠳᠣᠭᠰᠠᠨ᠂᠂᠂᠂ ᠪᠦᠳᠦᠬᠡ ᠦᠭᠡᠢ᠂᠂᠂᠂ ᠵᠦᠰᠡᠷᠡᠭᠰᠡᠨ ᠪᠣᠷᠤᠭ᠎ᠠ  ᠰᠢᠭ᠋ ᠣᠨ ᠵᠢᠯ ᠤᠳ ᠤᠨ ᠣᠷᠣᠰᠬᠠᠯ ᠳᠤ ᠵᠡᠬᠦᠳᠦ ᠪᠠᠨ ᠴᠢᠮ᠎ᠠ ᠪᠠᠷ ᠯᠡ  ᠦᠷᠬᠦᠯᠵᠢᠯᠡᠬᠦᠯᠵᠦ ᠳᠡᠷᠡ ᠵᠢᠯ ᠤᠨ ᠠᠮᠳᠠᠳᠦ ᠵᠣᠪᠠᠯᠠᠩ ᠤᠨ ᠳᠡᠩ ᠬᠠᠭᠠᠰ ᠢ ᠴᠦ ᠬᠡᠬᠡᠵᠦ ᠬᠡᠬᠡᠵᠦ ᠴᠢᠳᠠᠭ᠎ᠠ ᠦᠭᠡᠢ ᠶᠠᠪᠣᠨ᠎ᠠ ᠰᠣᠷᠠᠭ ᠣᠳᠣᠭᠰᠠᠨ ᠬᠡᠬᠡᠨ ᠵᠡᠬᠦᠳᠡᠨ ᠳᠤ ᠮᠢᠨᠢ ᠰᠣᠷᠣᠭᠴᠢ ᠪᠡᠬᠡᠨ ᠤ ᠦᠩᠬᠡ ᠪᠠᠷ ᠳᠠᠩᠳᠠ ᠴᠢ ᠢᠷᠡᠳᠡᠭ  ᠪᠦᠳᠦᠬᠡ ᠦᠭᠡᠢ ᠵᠢᠷᠭᠠᠯ ᠢᠶᠠᠷ ᠠᠯᠠᠭ᠎ᠠ ᠰᠢᠪᠬᠠᠷᠳᠠᠨ ᠱᠣᠣᠯᠠᠭᠠᠳ ᠪᠦᠷᠳᠦᠩ ᠪᠦᠷᠳᠣᠩ ᠬᠡᠭᠰᠡᠬᠡᠷ ᠦᠷ ᠢᠶᠠᠷ ᠴᠢ ᠶᠠᠪᠣᠳᠠᠭ᠂᠂᠂᠂ ᠵᠠᠯᠭᠠᠵᠦ ᠪᠣᠳᠣᠭᠰᠠᠭᠠᠷ ᠪᠢ ᠨᠠᠷᠠ ᠲᠠᠢ ᠬᠤᠳᠬᠤᠯᠳᠣᠨ ᠴᠠᠮᠪᠦᠯᠢᠩ ᠤᠨ ᠳᠣᠭᠤᠰᠦ ᠴᠡᠴᠡᠭ ᠤᠨ ᠳᠣᠮᠳᠠ ᠪᠣᠳᠣᠯ ᠳᠠᠭᠠᠨ ᠪᠦᠳᠦᠷᠢᠳᠡᠭ ᠵᠡᠬᠦᠳᠦᠨ ᠤ ᠳᠡᠬᠦᠰᠬᠡᠯ ᠦᠨᠡᠨ ᠲᠠᠢ ᠢᠩᠬᠢᠵᠦ ᠠᠶᠢᠯᠰᠠᠨ ᠵᠦᠩ ᠰᠣᠪᠢᠩ ᠤᠨ  ᠵᠠᠩᠬᠢᠯᠠᠭ᠎ᠠ ᠬᠦᠪᠦᠷᠢᠳᠡᠭ᠂᠂᠂᠂ ᠵᠢᠳᠬᠦᠵᠦ ᠶᠠᠪᠣᠭ᠎ᠠ ᠠᠮᠢ ᠠᠮᠢᠳᠣᠷᠠᠯ ᠤᠨ ᠬᠠᠵᠠᠭᠤ ᠪᠠᠷ  ᠵᠡᠬᠦᠳᠦᠯᠡᠬᠦ ᠠᠴᠠ ᠦᠬᠡᠷ᠎ᠡ ᠡᠷᠬᠡ ᠨᠠᠳᠠ ᠳᠤ ᠪᠠᠶᠢᠬᠤ ᠦᠭᠡᠢ᠂᠂᠂᠂ ᠮᠠᠷᠳᠠᠭ᠎ᠠ ᠦᠭᠡᠢ ᠯᠡ ᠶᠠᠪᠣᠨ᠎ᠠ ᠳ᠋ᠠ ᠴᠢᠮ᠎ᠠ ᠶᠢ ᠪᠠᠨ ᠬᠡᠵᠦ ᠮᠠᠩᠬᠠᠨ ᠴᠠᠶᠢᠬᠤ ᠦᠷ ᠤᠨ ᠳᠣᠶᠠᠭ᠎ᠠ ᠮᠠᠷᠠᠯ ᠭᠤᠷᠪᠠᠨ ᠬᠢᠯᠦᠭᠠᠨ ᠢᠶᠠᠷ ᠬᠡᠯᠡᠬᠦᠯᠦᠶ᠎ᠡ ᠰᠠᠨᠠᠵᠦ ᠯᠡ ᠶᠠᠪᠣᠨ᠎ᠠ ᠳ᠋ᠠ ᠴᠢᠮ᠎ᠠ ᠶᠢ ᠪᠠᠨ ᠬᠡᠵᠦ ᠰᠠᠷᠠᠨ ᠤ ᠨᠠᠭᠠᠭᠤᠷ ᠨᠡᠬᠦᠭᠰᠡᠨ ᠡᠬᠦᠯᠡᠰ ᠰᠠᠶᠢᠪᠣᠷ ᠴᠠᠭᠠᠨ ᠰᠠᠯᠬᠢ ᠪᠠᠷ ᠬᠡᠯᠡᠬᠦᠯᠦᠶ᠎ᠡ᠂᠂᠂᠂ ᠨᠠᠮᠣᠷ ᠤᠨ ᠰᠠᠯᠬᠢ ᠪᠠᠷ ᠵᠣᠶᠢᠵᠦ ᠪᠢᠴᠢᠭᠰᠡᠨ ᠰᠢᠯᠦᠭ   ᠢᠶᠠᠷ ᠢᠶᠠᠨ ᠨᠠᠮᠪᠠᠭᠠᠷᠬᠠᠨ ᠡᠵᠡᠭᠲᠠᠢ ᠴᠢᠮᠠᠳᠦ ᠮᠡᠨᠳᠦ ᠬᠦᠷᠬᠡᠶ᠎ᠡ︕ ᠨᠠᠶᠢᠷᠠᠭᠴᠢ ᠯᠾᠬᠠᠪᠡᠰᠦ᠋ᠷᠦᠩ ᠤᠨ ᠬᠡᠷᠬᠡᠢ ᠪᠣᠯᠵᠦ ᠨᠠᠵᠢᠳ ᠢᠶᠠᠨ ᠡᠳ᠋ᠯᠡᠭᠡ ᠦᠭᠡᠢ ᠳᠤ ᠴᠢᠨᠢ ᠪᠠᠶᠠᠷ ᠬᠦᠷᠬᠡᠶ᠎ᠡ︕
 
ᠢᠷᠡᠯᠲᠡ᠄ ᠡᠷᠢᠶᠡᠨ ᠬᠤᠲᠠ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号