︽ᠬᠤᠶᠠᠳᠣᠭᠠᠷ ᠬᠤᠭᠤᠴᠠᠭᠠᠨ ᠤ ᠸᠢᠴᠠᠲ ᠣᠷᠠᠨ ᠣᠩᠰᠢᠯᠭ᠎ᠠ ᠶᠢᠨ ᠣᠷᠣᠯᠳᠣᠭᠠᠨ︾  ᠤ ᠦᠷ᠎ᠡ ᠳ᠋ᠦᠩ ᠳᠣᠳᠣᠷᠠᠯ᠎ᠠ
ᠨᠡᠶᠢᠲᠡᠯᠡᠭᠰᠡᠨ ᠴᠠᠭ᠄
2018/7/4
      ︽ ᠳᠡᠯᠡᠬᠡᠢ ᠶᠢᠨ ᠨᠣᠮ ᠣᠩᠰᠢᠬᠤ ᠡᠳᠦᠷ︾ ᠲᠤ ᠵᠣᠷᠢᠭᠤᠯᠣᠨ ᠦᠪᠣᠷ ᠮᠣᠩᠭᠤᠯ ᠤᠨ ᠪᠠᠭᠠᠴᠣᠳ ᠬᠡᠣᠬᠡᠳ ᠤᠨ ᠬᠡᠪᠯᠡᠯ ᠤᠨ ᠬᠤᠷᠢᠶ᠎ᠠ ᠠᠴᠠ ᠡᠷᠬᠢᠯᠡᠨ ᠶᠠᠪᠣᠭᠳᠠᠭᠤᠯᠣᠭᠰᠠᠨ ᠪᠠᠭᠠᠴᠣᠳ ᠬᠡᠣᠬᠡᠳ ᠤᠨ ︽ ᠬᠤᠶᠠᠳᠣᠭᠠᠷ ᠬᠤᠭᠤᠴᠠᠭᠠᠨ ᠤ ᠸᠢᠴᠠᠲ ᠣᠷᠠᠨ ᠣᠩᠰᠢᠯᠭ᠎ᠠ ᠶᠢᠨ ᠣᠷᠣᠯᠳᠣᠭᠠᠨ︾   ᠤ ᠡᠴᠦᠰ ᠤᠨ ᠦᠷ᠎ᠡ ᠳ᠋ᠦᠩ ᠨᠠᠶᠢᠳᠠᠯᠡᠭᠳᠡᠯ᠎ᠡ᠃  ᠣᠷᠣᠯᠳᠣᠭᠠᠨ ᠤ ᠳ᠋ᠦᠩ ᠳᠤ᠂ ᠮᠠᠨ ᠤ ᠬᠤᠳᠠ ᠶᠢᠨ ᠦᠨᠳᠦᠰᠦᠳᠡᠨ ᠤ ᠬᠡᠦᠬᠡᠳ ᠤᠨ ᠴᠡᠴᠡᠷᠯᠢᠭ ᠤᠨ ᠶᠡᠭᠡ ᠬᠤᠶᠠᠳᠣᠭᠠᠷ ᠠᠩᠬᠢ ᠶᠢᠨ ᠰᠣᠳᠣᠷ ᠪᠢᠴᠢᠬᠠᠨ ᠨᠠᠶᠢᠵᠠ ᠳᠡᠷᠢᠭᠦᠨ ᠳᠡᠰ ᠢᠶᠠᠷ ᠳᠣᠳᠣᠷᠠᠭᠰᠠᠨ ᠪᠠᠶᠢᠨ᠎ᠠ᠃                                                                                          ︽ᠣᠷᠠᠨ ᠣᠩᠰᠢᠯᠭ᠎ᠠ︾ ᠶᠢᠨ ᠣᠷᠣᠯᠳᠣᠭᠠᠨ ᠳᠤ ᠪᠦᠬᠦ ᠣᠷᠣᠨ ᠤ ᠡᠯ᠎ᠡ ᠱᠠᠳᠣᠨ ᠤ ᠪᠠᠭ᠎ᠠ ᠰᠣᠷᠭᠠᠠᠭᠤᠯᠢ᠂ ᠬᠡᠣᠬᠡᠳ ᠤᠨ ᠴᠡᠴᠡᠷᠯᠢᠭ ᠤᠨ1051 ᠨᠡᠷᠡᠰ ᠪᠢᠴᠢᠬᠠᠨ ᠣᠩᠰᠢᠭᠴᠢ ︵ᠣᠷᠣᠯᠳᠣᠭᠴᠢ︶ ᠨᠡᠷ᠎ᠡ ᠮᠡᠳᠡᠬᠦᠯᠦᠨ ᠣᠷᠣᠯᠴᠠᠵᠦ᠂ ᠦᠪᠡᠷ ᠦᠪᠡᠷ ᠤᠨ ᠳᠣᠭᠤᠵᠦ ᠪᠠᠭ᠋ᠠᠷᠬᠠᠭᠰᠠᠨ ᠰᠢᠯᠦᠭ ᠵᠣᠬᠢᠶᠠᠯ ᠢᠶᠠᠨ ᠰᠣᠩᠭᠤᠵᠦ ᠣᠶᠠᠩᠭᠠᠯᠠᠨ ᠣᠩᠰᠢᠵᠠᠢ᠃ ᠡᠬᠦᠨ ᠳᠤ ᠣᠨᠤᠭ᠎ᠠ ᠦᠭᠭᠦᠯᠳᠠ ᠶᠢᠨ ᠶᠡᠷᠦᠩᠬᠡᠢ ᠳᠤᠭ᠎ᠠ 853154 ᠬᠦᠷᠴᠦ ᠨᠠᠶᠢᠳᠠ ᠳᠡᠯᠭᠡᠨ ᠦᠵᠡᠭᠰᠡᠨ ᠬᠦᠮᠦᠨ ᠤ ᠳᠤᠭ᠎ᠠ 5920617 ᠬᠦᠷᠴᠠᠢ᠃        ᠸᠢᠴᠠᠲ ︽ᠣᠷᠠᠨ ᠣᠩᠰᠢᠯᠭ᠎ᠠ︾ ᠶᠢᠨ ᠣᠷᠣᠯᠳᠣᠭᠠᠨ ᠤ ᠪᠦᠬᠦ ᠪᠦᠳᠦᠬᠡᠯ ᠢ ᠦᠪᠣᠷ ᠮᠣᠩᠭᠤᠯ ᠤᠨ ᠪᠠᠭᠠᠴᠣᠳ ᠬᠡᠣᠬᠡᠳ ᠤᠨ ᠬᠡᠪᠯᠡᠯ ᠤᠨ ᠬᠤᠷᠢᠶᠠᠨ ᠤ ᠣᠯᠠᠨ ᠨᠠᠶᠢᠳᠠ ᠶᠢᠨ ᠳᠠᠪᠴᠠᠩ ᠳᠤ ᠨᠠᠶᠢᠳᠠᠯᠡᠵᠦ᠂ ᠨᠠᠶᠢᠬᠡᠮ ᠨᠠᠶᠢᠳᠠ ᠶᠢᠨ ᠬᠠᠯᠠᠭᠤᠨ ᠰᠡᠳᠬᠢᠯᠬᠡᠳᠦ ᠬᠦᠮᠦᠰ ᠤᠨ ᠪᠠᠭᠠᠴᠣᠳ ᠬᠡᠣᠬᠡᠳ ᠤᠨ ᠣᠷᠠᠨ ᠣᠩᠰᠢᠯᠭ᠎ᠠ   ᠳᠤ ᠣᠨᠤᠭ᠎ᠠ ᠦᠭᠬᠦ ᠶᠢᠨ ᠳᠠᠭᠠᠣ ᠳᠤ ᠳᠣᠰᠬᠠᠢ ᠬᠢᠨᠠᠭᠴᠢ ᠨᠠᠷ ᠣᠷᠣᠯᠴᠠᠵᠦ ᠮᠡᠳᠡᠭᠳᠡᠯ ᠳᠤ ᠳᠠᠷᠬᠠᠭᠠᠭᠰᠠᠨ ᠱᠠᠭᠠᠷᠳᠠᠯᠭ᠎ᠠ ᠶᠣᠰᠣᠭᠠᠷ ᠭᠤᠷᠪᠠᠨ ᠳᠣᠭᠤᠶᠢᠯᠠᠩ ᠬᠤᠪᠢᠶᠠᠵᠦ ᠣᠷᠠᠨ ᠣᠩᠰᠢᠯᠭ᠎ᠠ ᠳᠤ ᠬᠢᠨᠠᠯᠳᠠ ᠬᠢᠭᠰᠡᠨ ᠪᠠᠶᠢᠨ᠎ᠠ᠃      ᠬᠤᠪᠢ ᠣᠯᠭᠤᠭᠰᠠᠨ ᠪᠠᠶᠢᠳᠠᠯ᠄      ᠸᠢᠴᠠᠲ ᠳᠠᠪᠴᠠᠩ ᠢᠶᠠᠷ ᠦᠭᠬᠦᠭᠰᠡᠨ ᠣᠨᠤᠭ᠎ᠠ ᠶᠢᠨ ᠶᠡᠷᠦᠩᠬᠡᠢ ᠬᠤᠪᠢ ᠶᠢ 30% ᠶᠢᠨ ᠬᠠᠷᠢᠴᠠᠯ ᠢᠶᠠᠷ ᠨᠣᠭᠤᠯᠣᠨ᠂ ᠬᠢᠨᠠᠭᠴᠢ ᠶᠢᠨ ᠬᠤᠪᠢ ᠶᠢ 70% ᠶᠢᠨ ᠬᠠᠷᠢᠴᠠᠯ ᠢᠶᠠᠷ ᠨᠣᠭᠤᠯᠵᠦ᠂ ᠬᠤᠪᠢ ᠶᠢᠨ ᠬᠠᠷᠢᠴᠠᠯ ᠤᠨ ᠨᠠᠶᠢᠯᠠᠪᠣᠷᠢ ᠪᠠᠷ ᠳᠣᠰ ᠣᠳᠠᠭᠠᠨ ᠤ ᠣᠷᠣᠯᠳᠣᠭᠠᠨ ᠤ ᠶᠡᠷᠦᠩᠬᠡᠢ ᠬᠤᠪᠢ ᠶᠢ ᠳᠣᠭᠳᠠᠭᠠᠭᠰᠠᠨ ᠪᠠᠶᠢᠨ᠎ᠠ᠃
 
ᠢᠷᠡᠯᠲᠡ᠄ ᠦᠪᠣᠷ ᠮᠣᠩᠭᠤᠯ ᠤᠨ ᠪᠠᠭᠠᠴᠣᠳ ᠬᠡᠣᠬᠡᠳ ᠤᠨ ᠬᠡᠪᠯᠡᠯ ᠤᠨ ᠬᠤᠷᠢᠶ᠎ᠠ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号