ᠪᠦᠬᠦ ᠣᠷᠣᠨ ᠤ ︽ᠨᠣᠮᠢᠨ ᠳᠡᠯᠡᠬᠡᠢ ᠶᠢᠨ ᠬᠡᠯᠬᠢᠶ᠎ᠡ︾ ᠠᠩᠬᠠᠳᠣᠭᠠᠷ ᠣᠳᠠᠭᠠᠨ ᠤ ᠪᠠᠭᠠᠴᠣᠳ ᠬᠡᠣᠬᠡᠳ  ᠤᠨ ᠣᠷᠠᠯᠢᠭ ᠤᠨ ᠣᠷᠣᠯᠳᠣᠭᠠᠨ ᠰᠦᠨᠢᠳ ᠵᠡᠬᠦᠨ ᠬᠤᠰᠢᠭᠤᠨ ᠳᠤ ᠡᠬᠢᠯᠡᠯ᠎ᠡ
ᠨᠡᠶᠢᠲᠡᠯᠡᠭᠰᠡᠨ ᠴᠠᠭ᠄
2018/7/4
   
          ᠦᠩᠬᠡ ᠶᠢᠨ ᠴᠡᠴᠡᠭ ᠮᠢᠷᠠᠯᠵᠠᠨ ᠳᠡᠯᠭᠡᠷᠡᠭᠰᠡᠨ ᠳᠡᠯᠬᠡᠷ ᠵᠣᠨ ᠤ ᠴᠠᠭ ᠲᠤ᠂ ᠴᠣᠭᠯᠢᠭ  ᠬᠦᠬᠡᠷᠦᠬᠦᠨ ᠬᠡᠣᠬᠡᠳ ᠤᠳ ᠲᠠᠮᠣᠴᠢ ᠶᠢᠨ ᠳᠠᠯ᠎ᠠ ᠳᠤ ᠴᠣᠭᠯᠠᠷᠠᠨ᠂ ᠣᠷ᠎ᠠ ᠠᠪᠢᠶᠠᠰ ᠢᠶᠠᠨ ᠪᠠᠳᠠᠷᠠᠭᠤᠯᠣᠨ᠂  ᠣᠶᠣᠨ ᠪᠢᠯᠢᠭ  ᠢᠶᠠᠨ ᠰᠣᠷᠢᠭᠰᠠᠨ ᠪᠠᠶᠢᠨ᠎ᠠ᠃ ᠰᠦᠨᠢᠳ ᠵᠡᠬᠦᠨ ᠬᠤᠰᠢᠭᠤᠨ ᠤ ︽ᠡᠷᠳᠡᠮ ᠤᠨ ᠬᠡᠯᠬᠢᠶ᠎ᠡ︾ ᠪᠣᠯᠪᠠᠰᠣᠷᠠᠯ ᠤᠨ ᠳᠦᠪ  ᠠᠴᠠ ᠵᠣᠬᠢᠶᠠᠨ ᠪᠠᠶᠢᠭᠤᠯᠣᠭᠰᠠᠨ ᠪᠦᠬᠦ ᠣᠷᠣᠨ ᠤ ︽ᠨᠣᠮᠢᠨ ᠳᠡᠯᠡᠬᠡᠢ ᠶᠢᠨ ᠬᠡᠯᠬᠢᠶ᠎ᠡ︾ ᠠᠩᠬᠠᠳᠣᠭᠠᠷ ᠣᠳᠠᠭᠠᠨ ᠤ ᠪᠠᠭᠠᠴᠣᠳ ᠬᠡᠣᠬᠡᠳ ᠤᠨ ᠣᠷᠠᠯᠢᠭ ᠤᠨ ᠣᠷᠣᠯᠳᠣᠭᠠᠨ 2018 ᠣᠨ ᠤ 6 ᠳ᠋ᠣᠭᠠᠷ ᠰᠠᠷ᠎ᠠ ᠶᠢᠨ30 ᠤ ᠡᠳᠦᠷ ᠰᠣᠨᠢᠳ ᠵᠡᠬᠦᠨ ᠬᠤᠰᠢᠭᠤᠨ ᠤ ᠮᠠᠨᠳᠠᠯᠳᠣ ᠪᠠᠯᠭᠠᠰᠣᠨ ᠳᠤ ᠡᠬᠢᠯᠡᠯ᠎ᠡ᠃       30 ᠤ ᠡᠳᠦᠷ ᠴᠡᠴᠡᠷᠯᠢᠭ ᠤᠨ ᠳᠣᠭᠤᠶᠢᠯᠠᠩ ᠤᠨ ᠰᠢᠯᠦᠭ ᠤᠨ ᠣᠷᠣᠯᠳᠣᠭᠠᠨ ᠪᠣᠯᠣᠨ ᠴᠡᠴᠡᠷᠯᠢᠭ ᠤᠨ ᠳᠣᠭᠤᠶᠢᠯᠠᠩ ᠤᠨ ᠳᠠᠭᠤᠣ ᠶᠢᠨ ᠣᠷᠣᠯᠳᠣᠭᠠᠨ ᠬᠦᠷ ᠬᠦᠭᠵᠢᠶᠠᠨᠳᠠᠢ ᠶᠠᠪᠣᠭᠳᠠᠵᠦ᠂ ᠮᠣᠩᠭᠤᠯ ᠣᠯᠣᠰ᠂ ᠦᠪᠣᠷ ᠮᠣᠩᠭᠤᠯ ᠤᠨ ᠦᠪᠡᠷᠳᠡᠬᠡᠨ ᠵᠠᠰᠠᠬᠤ ᠣᠷᠣᠨ᠂ ᠰᠢᠯᠢ ᠶᠢᠨ ᠭᠤᠣᠯ ᠠᠶᠢᠮᠠᠭ ᠤᠨ ᠨᠡᠷᠡᠳᠦ ᠢᠷᠡᠭᠤ ᠨᠠᠶᠢᠷᠠᠭᠴᠢ᠂ ᠭᠠᠪᠢᠶᠠᠳᠦ ᠵᠦᠴᠦᠬᠡᠴᠢᠨ᠂ ᠨᠡᠪᠳᠡᠷᠡᠬᠦᠯᠦᠭᠴᠢ ᠨᠠᠶᠢᠷᠠᠭᠤᠯᠣᠭᠴᠢ ᠡᠨᠡ ᠣᠳᠠᠭᠠᠨ ᠤ ᠣᠷᠣᠯᠳᠣᠭᠠᠨ ᠳᠤ ᠬᠢᠨᠠᠭᠴᠢ  ᠪᠠᠷ ᠣᠷᠣᠯᠴᠠᠵᠠᠢ᠃       ᠴᠡᠴᠡᠷᠯᠢᠭ ᠤᠨ ᠳᠣᠭᠤᠶᠢᠯᠠᠩ ᠤᠨ ᠰᠢᠯᠦᠭ ᠤᠨ ᠣᠷᠣᠯᠳᠣᠭᠠᠨ ᠳᠤ ᠦᠪᠣᠷ ᠮᠣᠩᠭᠤᠯ ᠤᠨ ᠡᠯ᠎ᠡ ᠭᠠᠵᠠᠷ  ᠠᠴᠠ ᠬᠦᠷᠦᠯᠴᠡᠨ ᠢᠷᠡᠭᠰᠡᠨ100 ᠬᠡᠣᠬᠡᠳ ᠣᠷᠣᠯᠴᠠᠵᠦ᠂ ᠣᠷᠣᠯᠳᠣᠭᠠᠨ ᠤ ᠳ᠋ᠦᠩ ᠳᠤ ᠡᠷᠢᠶᠡᠨ ᠬᠤᠲᠠ ᠶᠢᠨ ᠦᠨᠳᠦᠰᠦᠳᠡᠨ ᠤ ᠬᠡᠦᠬᠡᠳ ᠤᠨ ᠴᠡᠴᠡᠷᠯᠢᠭ ᠤᠨ ᠶᠡᠭᠡ‌‍ᠠ᠊ ᠬᠤᠶᠠᠳᠣᠭᠠᠷ ᠠᠩᠬᠢ ᠶᠢᠨ 6 ᠨᠠᠰᠣᠳᠠᠢ ᠰᠣᠳᠣᠷ ︽ᠴᠣᠯᠮᠣᠨ︾ ᠬᠡᠰᠡᠨ ᠰᠢᠯᠦᠭ ᠢᠶᠠᠷ ᠢᠶᠠᠨ ᠨᠢᠭᠡᠳᠦᠭᠡᠷ ᠳᠡᠰ ᠲᠤ ᠳᠣᠳᠣᠷᠠᠭᠰᠠᠨ ᠪᠠᠶᠢᠨ᠎ᠠ᠃
 
     ᠴᠡᠴᠡᠷᠯᠢᠭ ᠤᠨ ᠰᠢᠯᠦᠭ ᠤᠨ ᠣᠷᠣᠯᠳᠣᠭᠠᠨ ᠳᠤ ᠨᠢᠭᠡᠳᠦᠬᠡᠷ ᠳᠡᠰ ᠲᠤ ᠳᠣᠳᠣᠷᠠᠭᠰᠠᠨ ᠰᠣᠳᠣᠷ             ᠡᠨᠡᠬᠦ ᠣᠷᠣᠯᠳᠣᠭᠠᠨ ᠢ ᠡᠷᠬᠢᠯᠡᠨ ᠬᠢᠵᠦ ᠪᠠᠶᠢᠭ᠎ᠠ ᠰᠦᠨᠢᠳ ᠵᠡᠬᠦᠨ ᠬᠤᠰᠢᠭᠤᠨ ᠤ ︽ᠡᠷᠳᠡᠮ ᠤᠨ ᠬᠡᠯᠬᠢᠶ᠎ᠡ ︾ ᠪᠣᠯᠪᠠᠰᠣᠷᠠᠯ ᠤᠨ ᠳᠦᠪ ᠪᠣᠯ ᠴᠣᠯ ᠮᠣᠩᠭᠤᠯ ᠢᠶᠠᠷ ᠬᠢᠴᠢᠶᠡᠯᠯᠡᠳᠡᠭ ᠪᠠᠭᠠᠴᠣᠳ ᠬᠡᠣᠬᠡᠳ ᠤᠨ ᠰᠣᠶᠣᠯ ᠣᠷᠠᠯᠢᠭ  ᠤᠨ ᠳᠠᠪᠳᠠᠨ ᠪᠣᠯᠪᠠᠰᠣᠷᠠᠯᠳᠠ ᠶᠢᠨ ᠳᠦᠪ ᠪᠣᠯᠣᠨ᠎ᠠ᠂ ᠳᠣᠰ ᠪᠣᠯᠪᠠᠰᠣᠷᠠᠯ ᠤᠨ ᠳᠦᠪ ᠶᠠᠳᠤᠭ᠎ᠠ᠂ ᠪᠦᠵᠢᠭ᠂ ᠳᠠᠭᠤᠣ᠂ ᠰᠢᠯᠦᠭ᠂ ᠬᠦᠳᠦᠯᠦᠭᠴᠢ ᠨᠡᠪᠳᠡᠷᠡᠬᠦᠯᠦᠭᠴᠢ᠂ ᠮᠣᠩᠭᠤᠯ ᠬᠡᠯᠡ ᠠᠪᠢᠶ᠎ᠠ᠂  ᠬᠤᠱᠣᠩ ᠱᠤᠭ᠂ ᠮᠣᠳᠧᠯ ᠵᠡᠷᠭᠡ ᠮᠡᠷᠬᠡᠵᠢᠯ ᠢᠶᠠᠷ ᠬᠢᠴᠢᠶᠡᠯᠯᠡᠵᠦ᠂ ᠣᠯᠣᠰ᠂ ᠣᠷᠣᠨ ᠤ ᠳᠡᠰ ᠤᠨ ᠣᠯᠠᠨ ᠣᠳᠠᠭᠠᠨ ᠤ ᠣᠷᠣᠯᠳᠣᠭᠠᠨ ᠳᠡᠮᠡᠴᠡᠬᠡᠨ ᠳᠤ ᠣᠷᠣᠯᠴᠠᠨ᠂ ᠰᠠᠶᠢᠨ ᠬᠢᠷᠢ ᠪᠦᠳᠦᠮᠵᠢ ᠣᠯᠵᠦ᠂ ᠣᠯᠠᠨ ᠤ ᠦᠨᠳᠣᠷ ᠦᠨᠡᠯᠡᠯᠲᠠ ᠶᠢ ᠣᠯᠣᠭᠰᠠᠭᠠᠷ ᠢᠷᠡᠭᠰᠡᠨ ᠶᠤᠮ᠃                            ᠨᠠᠶᠢᠷᠠᠭᠤᠯᠣᠭᠴᠢ  ᠄  ᠴᠡᠯᠡᠬᠡᠷ
 
ᠢᠷᠡᠯᠲᠡ᠄ ᠸᠢᠴᠠᠲ ᠳᠠᠪᠴᠠᠩ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号