ᠡᠷᠢᠶᠡᠨ ᠬᠤᠲᠠ ᠶᠢᠨ ᠮᠣᠩᠭᠤᠯ  ᠦᠨᠳᠣᠰᠣᠳᠡᠨ ᠤ ᠳᠣᠮᠳᠠᠳᠦ ᠰᠣᠷᠭᠠᠭᠤᠯᠢ ᠶᠢᠨ ᠬᠤᠶᠠᠷ ᠰᠣᠷᠣᠭᠴᠢ ᠶᠢᠨ ᠪᠦᠳᠦᠬᠡᠯ  ︽  ᠰᠦᠩ  ᠴᠢᠩ ᠯᠢᠩ ᠪᠠᠭᠠᠴᠣᠳ  ᠬᠡᠣᠬᠡᠳ ᠤᠨ  ᠡᠬᠦᠳᠦᠨ ᠪᠦᠳᠦᠬᠡᠯᠲᠠ ᠶᠢᠨ ᠱᠠᠩᠨᠠᠯ︾  ᠤᠨ ᠠᠯᠳᠠᠨ  ᠮᠧᠲᠠᠯ ᠢ ᠬᠦᠷᠳᠡᠪᠡ
ᠨᠡᠶᠢᠲᠡᠯᠡᠭᠰᠡᠨ ᠴᠠᠭ᠄
2018/8/30
      ᠣᠷᠴᠢᠮ ᠤᠨ ᠡᠳᠦᠷ᠂ ᠰᠦᠩ ᠴᠢᠩ ᠯᠢᠩ ᠤᠨ ᠰᠠᠭᠤᠷᠢ ᠮᠦᠩᠬᠦᠨ   ᠤ ᠨᠠᠶᠢᠬᠡᠮᠯᠢᠭ ᠪᠣᠯᠣᠨ ᠳᠣᠮᠳᠠᠳᠦ ᠣᠯᠣᠰ ᠤᠨ ᠡᠬᠦᠳᠦᠨ ᠪᠦᠳᠦᠬᠡᠯᠲᠠ ᠶᠢᠨ ᠨᠡᠶᠢᠬᠡᠮᠯᠢᠭ   ᠤᠨ ᠬᠠᠮᠳᠣᠷᠠᠨ ᠡᠷᠬᠢᠯᠡᠭᠰᠡᠨ ᠠᠷᠪᠡᠨ  ᠳᠦᠷᠪᠡᠳᠡᠬᠢ ᠣᠳᠠᠭᠠᠨ ᠤ ︽ ᠰᠦᠩ ᠴᠢᠩ ᠯᠢᠩ ᠪᠠᠭᠠᠴᠣᠳ ᠬᠡᠣᠬᠡᠳ ᠤᠨ ᠡᠬᠦᠳᠦᠨ ᠪᠦᠲᠦᠬᠡᠯᠲᠠ   ᠶᠢᠨ ᠱᠠᠩᠨᠠᠯ︾   ᠤᠨ  ᠰᠣᠩᠭᠤᠨ ᠰᠢᠯᠭᠠᠷᠠᠭᠤᠯᠣᠯᠲᠠ ᠶᠢᠨ ᠡᠴᠦᠰ ᠤᠨ ᠱᠦᠬᠦᠯᠲᠠ ᠶᠢᠨ ᠰᠢᠯᠭᠠᠷᠠᠭᠤᠯᠣᠯᠲᠠ ᠶᠢ  ᠬᠤᠨᠠᠨ ᠮᠣᠵᠢ ᠶᠢᠨ ᠴᠠᠩᠱᠠ ᠬᠤᠲᠠ ᠳᠤ  ᠶᠠᠪᠣᠭᠳᠠᠭᠤᠯᠪᠠ᠃ ᠳᠣᠰ ᠣᠳᠠᠭᠠᠨ ᠤ ᠰᠣᠩᠭᠤᠨ ᠰᠢᠯᠭᠠᠷᠠᠭᠤᠯᠬᠤ ᠬᠦᠳᠡᠯᠭᠡᠭᠡᠨ ᠨᠢ2017 ᠣᠨ ᠤ12 ᠰᠠᠷ᠎ᠠ ᠠᠴᠠ  ᠡᠬᠢᠯᠡᠨ ᠶᠠᠪᠣᠭᠳᠠᠵᠦ᠂   ᠪᠦᠬᠦᠯᠢ 9 ᠰᠠᠷ᠎ᠠ  ᠦᠷᠬᠦᠯᠵᠢᠯᠡᠵᠦ᠂ ᠪᠦᠬᠦ ᠣᠯᠣᠰ ᠤᠨ ᠡᠯ᠎ᠡ ᠭᠠᠵᠠᠷ ᠣᠷᠣᠨ  ᠵᠢᠴᠢ ᠮᠠᠯᠠᠶᠢᠰᠢᠶ᠎ᠠ  ᠵᠡᠷᠭᠡ ᠣᠯᠣᠰ ᠣᠷᠣᠨ ᠠᠴᠠ ᠬᠦᠷᠦᠯᠴᠡᠨ ᠢᠷᠡᠭᠰᠡᠨ 39 ᠳᠣᠭᠤᠶᠢᠯᠠᠩ  ᠢᠶᠠᠷ ᠪᠦᠷᠢᠯᠳᠦᠭᠰᠡᠨ ᠳᠦᠮᠡ ᠭᠠᠷᠣᠢ ᠳᠣᠮᠳᠠᠳᠦ ᠪᠠᠭ᠎ᠠ ᠰᠣᠷᠭᠠᠭᠤᠯᠢ ᠶᠢᠨ ᠰᠣᠷᠣᠭᠴᠢᠳ ᠣᠷᠣᠯᠴᠠᠵᠦ᠂   ᠨᠠᠶᠢᠲᠠ3033  ᠪᠦᠳᠦᠬᠡᠯ ᠠᠴᠠ 300  ᠰᠢᠨ᠎ᠡ ᠡᠬᠦᠳᠦᠯᠲᠠ ᠶᠢᠨ ᠪᠦᠳᠦᠬᠡᠯ   ᠢ ᠰᠢᠯᠭᠠᠷᠠᠭᠤᠯᠣᠯᠲᠠ ᠳᠤ  ᠣᠷᠣᠭᠤᠯᠵᠦ᠂ ᠬᠠᠮᠤᠭ ᠰᠡᠬᠦᠯ ᠳᠤ 30 ᠨᠡᠷ᠎ᠡ ᠠᠯᠳᠠᠨ  ᠮᠧᠲᠠᠯ᠂ 60  ᠨᠡᠷ᠎ᠡ ᠮᠦᠩᠬᠦᠨ  ᠮᠧᠲᠠᠯ᠂180 ᠨᠡᠷ᠎ᠡ ᠬᠦᠷᠡᠯ  ᠮᠧᠲᠠᠯ ᠢ ᠬᠦᠬᠢᠬᠦᠯᠦᠨ ᠱᠠᠩᠨᠠᠪᠠ᠃       ᠮᠠᠨ ᠤ ᠬᠤᠲᠠ ᠶᠢᠨ ᠮᠣᠩᠭᠤᠯ ᠦᠨᠳᠣᠰᠣᠳᠡᠨ ᠤ ᠳᠣᠮᠳᠠᠳᠦ ᠰᠣᠷᠭᠠᠭᠤᠯᠢ ᠶᠢᠨ ᠰᠣᠷᠣᠭᠴᠢ ᠭᠠᠩᠳᠣᠯᠭ᠎ᠠ᠂ ᠸᠠᠩ ᠰᠦᠷᠳᠦ ᠬᠤᠶᠠᠷ ᠰᠣᠷᠣᠭᠴᠢ ᠶᠢᠨ  ᠡᠬᠦᠳᠦᠨ ᠪᠦᠳᠦᠬᠡᠭᠰᠡᠨ ︽ ᠬᠦᠭᠵᠢᠮ ᠳᠠᠷᠣᠬᠤ ᠮᠠᠰᠢᠨ ᠬᠦᠮᠦᠨ︾   ᠨᠢ ᠢᠯᠡ ᠪᠠᠷ ᠳᠡᠯᠬᠡᠨ ᠦᠵᠡᠬᠦᠯᠬᠦ᠂ ᠡᠴᠦᠰ ᠤᠨ ᠱᠦᠬᠦᠯᠲᠠ ᠶᠢᠨ ᠳᠣᠭᠠᠴᠢᠯᠲᠠ᠂ ᠡᠴᠦᠰ ᠤᠨ ᠱᠦᠬᠦᠯᠲᠠ ᠶᠢᠨ ᠳᠠᠬᠢᠨ ᠬᠢᠨᠠᠯᠲᠠ ᠵᠡᠷᠭᠡ  ᠳᠠᠪᠬᠤᠷ ᠳᠠᠪᠬᠤᠷ ᠰᠢᠯᠭᠠᠷᠠᠭᠤᠯᠣᠯᠲᠠ ᠶᠢ  ᠳᠠᠮᠵᠢᠭᠠᠳ ᠬᠠᠮᠤᠭ ᠡᠴᠦᠰ ᠲᠤ ᠠᠯᠳᠠᠨ  ᠮᠧᠲᠠᠯ   ᠢ ᠳᠣᠰᠪᠠ᠃ ᠡᠨᠡ ᠪᠣᠯ ᠮᠦᠨ ᠴᠦ ᠦᠪᠣᠷ ᠮᠣᠩᠭᠤᠯ ᠤᠨ ᠳᠦᠯᠦᠬᠡᠯᠡᠭᠴᠢ  ᠳᠣᠭᠤᠶᠢᠯᠠᠩ ᠤᠨ ᠦᠩᠬᠡᠷᠡᠭᠰᠡᠨ14 ᠬᠤᠭᠤᠴᠠᠭᠠᠨ ᠤ ᠳᠣᠷᠰᠢᠬᠢ  ᠠᠩᠬᠠᠳᠠᠭᠴᠢ ᠠᠯᠳᠠᠨ  ᠮᠧᠲᠠᠯ ᠪᠣᠯᠣᠨ᠎ᠠ᠃
 
ᠢᠷᠡᠯᠲᠡ᠄ ᠡᠷᠢᠶᠡᠨ ᠬᠤᠲᠠ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号