ᠮᠣᠩᠭᠤᠯ ᠣᠯᠣᠰ ᠤᠨ ᠠᠯᠳᠠᠷᠳᠦ ᠨᠡᠪᠳᠡᠷᠡᠬᠦᠯᠦᠭᠴᠢ ᠬᠦᠳᠦᠯᠦᠭᠴᠢ  ᠵ᠊᠂ ᠪᠠᠳᠣᠪᠠᠶᠠᠷ ᠳᠠᠭᠠᠯᠠᠯ ᠳᠡᠬᠦᠰᠪᠡ
ᠨᠡᠶᠢᠲᠡᠯᠡᠭᠰᠡᠨ ᠴᠠᠭ᠄
2018/8/31
                                                   ᠰᠣᠷᠪᠣᠯᠵᠢᠯᠠᠭᠴᠢ  ᠬᠦᠨᠪᠢᠯᠢᠭ        ᠮᠣᠩᠭᠤᠯ ᠣᠯᠣᠰ ᠤᠨ ᠠᠯᠳᠠᠷᠳᠦ ᠨᠡᠪᠳᠡᠷᠡᠬᠦᠯᠦᠭᠴᠢ ᠬᠦᠳᠦᠯᠦᠭᠴᠢ ᠵᠠᠮᠢᠶᠠᠨ ᠤ ᠪᠠᠳᠣᠪᠠᠶᠠᠷ 2018 ᠣᠨ ᠤ 7 ᠰᠠᠷ᠎ᠠ ᠶᠢᠨ 23  ᠎ ᠤ ᠡᠳᠦᠷ ᠡᠪᠡᠳᠴᠢᠨ ᠢᠶᠠᠷ ᠳᠠᠭᠠᠯᠠᠯ ᠳᠡᠬᠦᠰᠪᠡ᠃ ᠳᠡᠷᠡᠪᠡᠷ ᠦᠩᠬᠡᠷᠡᠭᠰᠡᠨ 5  ᠰᠠᠷ᠎ᠠ  ᠎ ᠳᠤ ᠵᠢᠷᠣᠬᠡᠨ ᠤ ᠬᠦᠨᠳᠦ ᠡᠪᠡᠳᠴᠢᠨ ᠢᠶᠠᠷ ᠮᠠᠰᠡ ᠵᠠᠰᠠᠯ ᠬᠢᠯᠬᠡᠭᠰᠡᠨ ᠪᠦᠭᠡᠳ ᠪᠡᠶ᠎ᠡ ᠶᠢᠨ ᠪᠠᠶᠢᠳᠠᠯ ᠨᠢ ᠮᠠᠰᠢ ᠠᠨᠠᠶᠢᠬᠠᠨ ᠪᠠᠶᠢᠵᠠᠢ ᠬᠡᠵᠦ ᠮᠣᠩᠭᠤᠯ ᠣᠯᠣᠰ ᠤᠨ ᠵᠠᠭᠤᠴᠢᠯᠠᠭᠤᠷ ᠤᠨ ᠬᠢᠨ ᠳᠦᠷᠦᠬᠦᠬᠡᠨ ᠮᠡᠳᠡᠬᠡᠯᠡᠵᠦ ᠪᠠᠶᠢᠭᠰᠠᠨ ᠪᠢᠯᠡ᠃
     
       ᠵ᠊᠂ ᠪᠠᠳᠣᠪᠠᠶᠠᠷ1947 ᠣᠨ ᠳᠤ ᠮᠣᠩᠭᠤᠯ ᠣᠯᠣᠰ ᠤᠨ ᠪᠠᠶᠠᠨᠬᠤᠩᠭᠤᠷ ᠠᠶᠢᠮᠠᠭ ᠤᠨ ᠭᠠᠯᠠᠭᠤᠳᠦ ᠰᠣᠮᠣᠨ ᠳᠤ ᠳᠦᠷᠦᠵᠦ ᠦᠰᠦᠭᠰᠡᠨ  ︔ ᠨᠡᠪᠳᠡᠷᠡᠬᠦᠯᠦᠭᠴᠢ ᠬᠦᠳᠦᠯᠦᠭᠴᠢ ᠰᠡᠳᠬᠦᠯᠴᠢ ᠪᠠᠷ ᠣᠯᠣᠰ ᠲᠠᠭᠠᠨ43 ᠵᠢᠯ ᠳᠠᠰᠣᠷᠠᠯᠳᠠ ᠦᠭᠡᠢ ᠵᠢᠳᠬᠦᠭᠰᠡᠨ ᠨᠠᠷ᠎ᠡ ᠬᠦᠨᠳᠦᠳᠦ ᠨᠢᠭᠡᠨ ᠪᠢᠯᠡ᠃ ᠵ᠊᠂ ᠪᠠᠳᠣᠪᠠᠶᠠᠷ ᠠᠩᠬ᠎ᠠ1968 ᠣᠨ ᠎ ᠤ12 ᠰᠠᠷ᠎ᠠ ᠳᠤ᠂ ᠲᠧᠯᠸᠢᠰ ᠲᠠᠢ ᠬᠤᠯᠪᠣᠭᠳᠠᠵᠦ ᠪᠠᠶᠢᠭᠰᠠᠨ ᠪᠣᠯ᠂ ᠠᠯᠪᠠᠨ ᠶᠣᠰᠣᠭᠠᠷ1974 ᠣᠨ ᠤ11 ᠰᠠᠷ᠎ᠠ ᠎ ᠶᠢᠨ26᠎ ᠤ ᠡᠳᠦᠷ ᠠᠴᠠ ᠨᠡᠪᠳᠡᠷᠡᠬᠦᠯᠦᠭᠴᠢ ᠬᠡᠰᠡᠨ ᠠᠯᠪᠠᠨ ᠳᠣᠰᠢᠶᠠᠯ ᠪᠠᠷ  ᠠᠵᠢᠯᠯᠠᠵᠦ ᠢᠷᠡᠵᠠᠢ  ︔ ᠮᠣᠩᠭᠤᠯ ᠣᠯᠣᠰ ᠤᠨ ᠲᠧᠯᠸᠢᠰ ᠤᠨ ︽ ᠴᠠᠭ ᠦᠶ᠎ᠡ᠂ ᠦᠢᠯᠡ ᠶᠠᠪᠣᠳᠠᠯ︾  ᠂ ︽ ᠴᠩᠬᠡᠷ  ᠳᠡᠯᠬᠡᠴᠡ︾  ᠂ ︽  ᠪᠠᠶᠠᠷ ᠎ ᠤᠨ ᠮᠢᠰᠢᠶᠡᠯ︾  ᠂ ︽ ᠮᠠᠨᠠᠢ ᠦᠶ᠎ᠡ ᠶᠢᠨ ᠬᠢᠨ︾  ᠂ ︽ ᠭᠠᠪᠢᠶ᠎ᠠ︾  ᠵᠡᠷᠭᠡ ᠣᠯᠠᠨ ᠳᠣᠭᠳᠠᠮᠠᠯ ᠨᠠᠪᠳᠡᠷᠡᠬᠦᠯᠭᠡ ᠎ ᠶᠢ ᠣᠷᠠᠨ ᠴᠢᠳᠠᠪᠣᠷᠢᠯᠢᠭ ᠬᠦᠳᠦᠯᠵᠦ᠂ ᠲᠧᠯᠸᠢᠰ ᠤᠨ ᠨᠡᠪᠳᠡᠷᠡᠬᠦᠯᠭᠡ ᠶᠢᠨ ᠳᠦᠷᠦᠯ ᠵᠦᠢᠯ ᠢ ᠣᠯᠠᠰᠢᠷᠠᠭᠤᠯᠬᠤ ᠳᠤ ᠴᠢᠬᠤᠯᠠ ᠬᠤᠪᠢ ᠨᠠᠮᠠᠷᠢ ᠦᠵᠡᠬᠦᠯᠦᠭᠰᠡᠨ  ᠪᠠᠶᠢᠨ᠎ᠠ᠃ ᠣᠯᠠᠨ ᠮᠡᠳᠡᠭᠡ᠂ ᠰᠣᠷᠪᠣᠯᠵᠢᠯᠠᠭ᠎ᠠ᠂ ᠣᠷᠠᠨ ᠰᠠᠶᠢᠬᠠᠨ ᠤ ᠨᠡᠪᠳᠡᠷᠡᠬᠦᠯᠭᠡ ᠶᠢᠨ ᠨᠣᠣᠷᠠᠭ ᠵᠣᠬᠢᠶᠠᠮᠵᠢ ᠪᠢᠴᠢᠵᠦ᠂ ᠳᠡᠬᠦᠨ ᠢ ᠪᠠᠨ ᠨᠠᠶᠢᠷᠠᠭᠤᠯᠬᠤ᠂ ᠺᠢᠨᠣ᠋ ᠵᠦᠴᠦᠬᠡ ᠳᠤ ᠳᠣᠭᠯᠠᠭᠤᠯᠬᠤ ᠳᠤ ᠢᠳᠡᠪᠬᠢᠲᠠᠢ ᠣᠷᠣᠯᠴᠠᠵᠠᠢ᠃ ᠣᠷᠴᠢᠭᠤᠯᠭ᠎ᠠ ᠶᠢᠨ ᠣᠷᠠᠨ ᠰᠠᠶᠢᠬᠠᠨ ᠤ ᠣᠯᠠᠨ ᠺᠢᠨᠤ᠋ ᠳᠤ ᠳᠠᠭᠤᠣ ᠣᠷᠣᠭᠤᠯᠬᠤ᠂ ᠣᠯᠠᠨ ᠰᠢᠨ᠎ᠡ ᠨᠡᠪᠳᠡᠷᠡᠬᠦᠯᠭᠡ ᠭᠠᠷᠭᠠᠬᠤ ᠳᠤ ᠭᠤᠣᠯ ᠡᠬᠦᠷᠭᠡ ᠶᠢ ᠬᠦᠢᠴᠡᠳᠬᠡᠭᠰᠡᠨ ᠣᠷᠠᠨ ᠪᠦᠳᠦᠬᠡᠯᠴᠢ ᠪᠠᠶᠢᠭᠰᠠᠨ ᠶᠤᠮ᠃ ᠳᠡᠬᠦᠨ ᠤ ᠳᠠᠭᠤ ᠬᠤᠭᠤᠯᠠᠢ᠂ ᠣᠷ᠎ᠠ ᠴᠢᠳᠠᠪᠣᠷᠢ ᠨᠢ ᠠᠷᠦ ᠴᠢᠳᠠᠪᠣᠷᠢ ᠨᠢ ᠠᠷᠦ ᠦᠪᠣᠷ ᠮᠣᠩᠭᠤᠯ ᠤᠨ ᠦᠵᠡᠭᠴᠢ ᠰᠣᠨᠣᠰᠣᠭᠴᠢ ᠶᠢᠨ ᠰᠡᠳᠬᠢᠯ ᠳᠤ ᠬᠤᠨᠣᠭᠰᠢᠨ᠂ ᠬᠡᠵᠢᠶ᠎ᠡ ᠦᠷᠬᠦᠯᠵᠢ ᠴᠦ ᠮᠦᠩᠬᠡᠷᠡᠨ ᠳᠣᠷᠠᠰᠣᠭᠳᠠᠵᠦ ᠶᠠᠪᠣᠬᠤ ᠨᠢ ᠳᠠᠮᠵᠢᠭ ᠦᠭᠡᠢ ᠪᠢᠯᠡ᠃
      ᠮᠣᠩᠭᠤᠯ ᠣᠯᠣᠰ ᠲᠠᠭᠠᠨ ᠨᠡᠷ᠎ᠡ ᠬᠦᠨᠳᠦᠳᠦ ᠨᠡᠪᠳᠡᠷᠡᠬᠦᠯᠦᠭᠴᠢ ᠬᠡᠮᠡᠭᠳᠡᠭᠰᠡᠨ ᠵ᠊᠂ ᠪᠠᠳᠣᠪᠠᠶᠠᠷ ᠨᠢ ᠰᠡᠬᠦᠯ ᠎ ᠤᠨ ᠦᠶ᠎ᠡ ᠳᠤ ᠣᠯᠠᠨᠳᠠ ᠦᠪᠣᠷ ᠮᠣᠩᠭᠤᠯ ᠳᠤ ᠶᠠᠪᠣᠵᠦ ᠰᠠᠭᠤᠨ᠂ ᠦᠪᠣᠷ ᠮᠣᠩᠭᠤᠯ ᠲᠧᠯᠸᠢᠰ ᠷᠠᠳᠢᠣ᠋ ᠤᠨ ᠬᠦᠭᠵᠢᠯᠲᠠ ᠶᠢ ᠮᠠᠰᠢ ᠠᠩᠬᠠᠷᠴᠦ ᠶᠠᠪᠣᠵᠠᠢ᠃ ᠳᠠᠷᠠᠴᠢᠯᠠᠨ ᠦᠪᠣᠷ ᠮᠣᠩᠭᠤᠯ  ᠎ ᠳᠤ ᠨᠠᠪᠳᠡᠷᠡᠬᠦᠯᠦᠭᠴᠢ ᠬᠦᠳᠦᠯᠦᠭᠴᠢ ᠎ ᠶᠢᠨ ᠮᠡᠷᠭᠡᠵᠢᠯ ᠢᠶᠠᠷ   ᠣᠯᠠᠨᠲᠠ ᠬᠢᠴᠢᠶᠡᠯᠯᠡᠵᠦ ᠪᠠᠶᠢᠭᠰᠠᠨ ᠪᠦᠭᠡᠳ ᠣᠯᠠᠨ ᠠᠷᠪᠢᠨ ᠬᠦᠮᠦᠰ ᠲᠤ ᠳᠣᠷᠰᠢᠯᠭ᠎ᠠ ᠮᠡᠷᠭᠡᠵᠢᠯ ᠢᠶᠠᠨ ᠳᠡᠯᠬᠡᠷᠡᠬᠦᠯᠵᠦ ᠶᠠᠪᠣᠭᠰᠠᠨ ᠢᠶᠠᠷ ᠦᠪᠣᠷ ᠮᠣᠩᠭᠤᠯᠴᠣᠳ ᠤᠨ ᠢᠳᠡᠬᠡᠯ ᠪᠢᠰᠢᠷᠡᠯ ᠢ ᠬᠦᠷᠳᠡᠵᠦ ᠶᠠᠪᠣᠭᠰᠠᠨ ᠪᠢᠯᠡ᠃ ᠷᠠᠳᠢᠣ᠋ ᠤᠨ ᠴᠡᠩᠬᠡᠷ ᠳᠣᠯᠬᠢᠶᠠᠨ ᠢᠶᠠᠷ ᠦᠢ ᠣᠯᠠᠨ ᠰᠣᠨᠣᠰᠣᠭᠴᠢ ᠲᠠᠢ ᠪᠠᠶᠢᠳᠠᠭ ᠪᠦᠭᠡᠳ ᠨᠢᠭᠡ ᠨᠠᠰᠣ ᠪᠠᠨ ᠷᠠᠳᠢᠣ᠋ ᠲᠧᠯᠸᠢᠰ ᠵᠢᠴᠢ ᠨᠡᠪᠳᠡᠷᠡᠬᠦᠯᠦᠭᠴᠢ ᠬᠦᠳᠦᠯᠦᠭᠴᠢ ᠶᠢᠨ ᠦᠢᠯᠡᠰ ᠤᠨ ᠳᠦᠯᠦᠭᠡ ᠵᠣᠷᠢᠭᠤᠯᠣᠭᠰᠠᠨ ᠨᠡᠪᠳᠡᠷᠡᠬᠦᠯᠭᠡ ᠶᠢᠨ ᠣᠷᠠᠨ ᠳᠠᠷᠬᠠᠨ ᠮᠠᠨᠢ ᠡᠶᠢᠨᠬᠦ  ᠬᠤᠷᠸ᠎ᠠ ᠶᠢ ᠣᠷᠬᠢᠨ ᠣᠳᠣᠵᠠᠢ᠃        ᠳᠠᠯᠢᠢᠭᠴᠢ ᠶᠢᠨ ᠬᠡᠷ ᠪᠦᠯᠢ᠂ ᠦᠷ᠎ᠡ ᠬᠡᠣᠬᠡᠳ᠂ ᠳᠦᠷᠦᠯ ᠳᠦᠷᠦᠭᠰᠡᠳ᠂ ᠠᠬ᠎ᠠ ᠳᠡᠬᠦᠣ᠂ ᠬᠠᠮᠢᠶᠠᠳᠠᠨ ᠰᠡᠳᠣᠨ᠂ ᠠᠨᠳᠠ ᠨᠠᠶᠢᠵᠠ᠂ ᠨᠦᠬᠦᠳ ᠲᠤᠨᠢ ᠬᠦᠨ ᠠᠴᠠ ᠬᠦᠨ ᠡᠮᠬᠡᠨᠢᠯ ᠦᠪᠣᠷ ᠮᠣᠩᠭᠤᠯ ᠳᠦᠮᠡᠨ ᠠᠴᠠ ᠬᠦᠷᠬᠡᠬᠦ ᠨᠢ ᠵᠦᠢ ᠪᠢᠯᠡ᠃  ᠨᠠᠶᠢᠷᠠᠭᠤᠯᠣᠭᠴᠢ᠄ ᠴᠡᠪᠡᠷᠮᠡᠷᠭᠡᠵᠢᠯ᠄ ᠰᠦᠮᠪᠦᠷᠬᠢᠨᠠᠭᠴᠢ᠄ ᠪᠣᠶᠠᠨᠳᠦ
 
ᠢᠷᠡᠯᠲᠡ᠄ ᠸᠢᠴᠠᠲ ᠳᠠᠪᠴᠠᠩ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号