ᠰᠣᠷᠪᠣᠯᠵᠢᠯᠠᠭᠴᠢ ᠬᠦᠨᠪᠢᠯᠢᠭ | ᠮᠣᠩᠭᠤᠯ ᠣᠯᠣᠰ ᠤᠨ ᠠᠯᠳᠠᠷᠳᠦ ᠨᠡᠪᠳᠡᠷᠡᠬᠦᠯᠦᠭᠴᠢ ᠬᠦᠳᠦᠯᠦᠭᠴᠢ ᠵᠠᠮᠢᠶᠠᠨ ᠤ ᠪᠠᠳᠣᠪᠠᠶᠠᠷ 2018 | ᠣᠨ ᠤ 7 ᠰᠠᠷ᠎ᠠ ᠶᠢᠨ 23 ᠤ ᠡᠳᠦᠷ ᠡᠪᠡᠳᠴᠢᠨ ᠢᠶᠠᠷ ᠳᠠᠭᠠᠯᠠᠯ ᠳᠡᠬᠦᠰᠪᠡ᠃ ᠳᠡᠷᠡᠪᠡᠷ ᠦᠩᠬᠡᠷᠡᠭᠰᠡᠨ 5 | ᠰᠠᠷ᠎ᠠ ᠳᠤ ᠵᠢᠷᠣᠬᠡᠨ ᠤ ᠬᠦᠨᠳᠦ ᠡᠪᠡᠳᠴᠢᠨ ᠢᠶᠠᠷ ᠮᠠᠰᠡ ᠵᠠᠰᠠᠯ ᠬᠢᠯᠬᠡᠭᠰᠡᠨ ᠪᠦᠭᠡᠳ ᠪᠡᠶ᠎ᠡ ᠶᠢᠨ ᠪᠠᠶᠢᠳᠠᠯ ᠨᠢ ᠮᠠᠰᠢ | ᠠᠨᠠᠶᠢᠬᠠᠨ ᠪᠠᠶᠢᠵᠠᠢ ᠬᠡᠵᠦ ᠮᠣᠩᠭᠤᠯ ᠣᠯᠣᠰ ᠤᠨ ᠵᠠᠭᠤᠴᠢᠯᠠᠭᠤᠷ ᠤᠨ ᠬᠢᠨ ᠳᠦᠷᠦᠬᠦᠬᠡᠨ ᠮᠡᠳᠡᠬᠡᠯᠡᠵᠦ ᠪᠠᠶᠢᠭᠰᠠᠨ | ᠪᠢᠯᠡ᠃ | | | ᠵ᠊᠂ ᠪᠠᠳᠣᠪᠠᠶᠠᠷ1947 ᠣᠨ ᠳᠤ ᠮᠣᠩᠭᠤᠯ ᠣᠯᠣᠰ ᠤᠨ ᠪᠠᠶᠠᠨᠬᠤᠩᠭᠤᠷ ᠠᠶᠢᠮᠠᠭ ᠤᠨ ᠭᠠᠯᠠᠭᠤᠳᠦ | ᠰᠣᠮᠣᠨ ᠳᠤ ᠳᠦᠷᠦᠵᠦ ᠦᠰᠦᠭᠰᠡᠨ ︔ ᠨᠡᠪᠳᠡᠷᠡᠬᠦᠯᠦᠭᠴᠢ ᠬᠦᠳᠦᠯᠦᠭᠴᠢ ᠰᠡᠳᠬᠦᠯᠴᠢ ᠪᠠᠷ ᠣᠯᠣᠰ ᠲᠠᠭᠠᠨ43 | ᠵᠢᠯ ᠳᠠᠰᠣᠷᠠᠯᠳᠠ ᠦᠭᠡᠢ ᠵᠢᠳᠬᠦᠭᠰᠡᠨ ᠨᠠᠷ᠎ᠡ ᠬᠦᠨᠳᠦᠳᠦ ᠨᠢᠭᠡᠨ ᠪᠢᠯᠡ᠃ ᠵ᠊᠂ ᠪᠠᠳᠣᠪᠠᠶᠠᠷ ᠠᠩᠬ᠎ᠠ1968 ᠣᠨ | ᠤ12 ᠰᠠᠷ᠎ᠠ ᠳᠤ᠂ ᠲᠧᠯᠸᠢᠰ ᠲᠠᠢ ᠬᠤᠯᠪᠣᠭᠳᠠᠵᠦ ᠪᠠᠶᠢᠭᠰᠠᠨ ᠪᠣᠯ᠂ ᠠᠯᠪᠠᠨ ᠶᠣᠰᠣᠭᠠᠷ1974 ᠣᠨ ᠤ11 ᠰᠠᠷ᠎ᠠ | ᠶᠢᠨ26 ᠤ ᠡᠳᠦᠷ ᠠᠴᠠ ᠨᠡᠪᠳᠡᠷᠡᠬᠦᠯᠦᠭᠴᠢ ᠬᠡᠰᠡᠨ ᠠᠯᠪᠠᠨ ᠳᠣᠰᠢᠶᠠᠯ ᠪᠠᠷ ᠠᠵᠢᠯᠯᠠᠵᠦ ᠢᠷᠡᠵᠠᠢ ︔ ᠮᠣᠩᠭᠤᠯ | ᠣᠯᠣᠰ ᠤᠨ ᠲᠧᠯᠸᠢᠰ ᠤᠨ ︽ ᠴᠠᠭ ᠦᠶ᠎ᠡ᠂ ᠦᠢᠯᠡ ᠶᠠᠪᠣᠳᠠᠯ︾ ᠂ ︽ ᠴᠩᠬᠡᠷ ᠳᠡᠯᠬᠡᠴᠡ︾ ᠂ ︽ ᠪᠠᠶᠠᠷ | ᠤᠨ ᠮᠢᠰᠢᠶᠡᠯ︾ ᠂ ︽ ᠮᠠᠨᠠᠢ ᠦᠶ᠎ᠡ ᠶᠢᠨ ᠬᠢᠨ︾ ᠂ ︽ ᠭᠠᠪᠢᠶ᠎ᠠ︾ ᠵᠡᠷᠭᠡ ᠣᠯᠠᠨ ᠳᠣᠭᠳᠠᠮᠠᠯ ᠨᠠᠪᠳᠡᠷᠡᠬᠦᠯᠭᠡ | ᠶᠢ ᠣᠷᠠᠨ ᠴᠢᠳᠠᠪᠣᠷᠢᠯᠢᠭ ᠬᠦᠳᠦᠯᠵᠦ᠂ ᠲᠧᠯᠸᠢᠰ ᠤᠨ ᠨᠡᠪᠳᠡᠷᠡᠬᠦᠯᠭᠡ ᠶᠢᠨ ᠳᠦᠷᠦᠯ ᠵᠦᠢᠯ ᠢ ᠣᠯᠠᠰᠢᠷᠠᠭᠤᠯᠬᠤ ᠳᠤ | ᠴᠢᠬᠤᠯᠠ ᠬᠤᠪᠢ ᠨᠠᠮᠠᠷᠢ ᠦᠵᠡᠬᠦᠯᠦᠭᠰᠡᠨ ᠪᠠᠶᠢᠨ᠎ᠠ᠃ ᠣᠯᠠᠨ ᠮᠡᠳᠡᠭᠡ᠂ ᠰᠣᠷᠪᠣᠯᠵᠢᠯᠠᠭ᠎ᠠ᠂ ᠣᠷᠠᠨ ᠰᠠᠶᠢᠬᠠᠨ ᠤ | ᠨᠡᠪᠳᠡᠷᠡᠬᠦᠯᠭᠡ ᠶᠢᠨ ᠨᠣᠣᠷᠠᠭ ᠵᠣᠬᠢᠶᠠᠮᠵᠢ ᠪᠢᠴᠢᠵᠦ᠂ ᠳᠡᠬᠦᠨ ᠢ ᠪᠠᠨ ᠨᠠᠶᠢᠷᠠᠭᠤᠯᠬᠤ᠂ ᠺᠢᠨᠣ᠋ ᠵᠦᠴᠦᠬᠡ ᠳᠤ | ᠳᠣᠭᠯᠠᠭᠤᠯᠬᠤ ᠳᠤ ᠢᠳᠡᠪᠬᠢᠲᠠᠢ ᠣᠷᠣᠯᠴᠠᠵᠠᠢ᠃ ᠣᠷᠴᠢᠭᠤᠯᠭ᠎ᠠ ᠶᠢᠨ ᠣᠷᠠᠨ ᠰᠠᠶᠢᠬᠠᠨ ᠤ ᠣᠯᠠᠨ ᠺᠢᠨᠤ᠋ ᠳᠤ | ᠳᠠᠭᠤᠣ ᠣᠷᠣᠭᠤᠯᠬᠤ᠂ ᠣᠯᠠᠨ ᠰᠢᠨ᠎ᠡ ᠨᠡᠪᠳᠡᠷᠡᠬᠦᠯᠭᠡ ᠭᠠᠷᠭᠠᠬᠤ ᠳᠤ ᠭᠤᠣᠯ ᠡᠬᠦᠷᠭᠡ ᠶᠢ ᠬᠦᠢᠴᠡᠳᠬᠡᠭᠰᠡᠨ ᠣᠷᠠᠨ | ᠪᠦᠳᠦᠬᠡᠯᠴᠢ ᠪᠠᠶᠢᠭᠰᠠᠨ ᠶᠤᠮ᠃ ᠳᠡᠬᠦᠨ ᠤ ᠳᠠᠭᠤ ᠬᠤᠭᠤᠯᠠᠢ᠂ ᠣᠷ᠎ᠠ ᠴᠢᠳᠠᠪᠣᠷᠢ ᠨᠢ ᠠᠷᠦ ᠴᠢᠳᠠᠪᠣᠷᠢ ᠨᠢ ᠠᠷᠦ | ᠦᠪᠣᠷ ᠮᠣᠩᠭᠤᠯ ᠤᠨ ᠦᠵᠡᠭᠴᠢ ᠰᠣᠨᠣᠰᠣᠭᠴᠢ ᠶᠢᠨ ᠰᠡᠳᠬᠢᠯ ᠳᠤ ᠬᠤᠨᠣᠭᠰᠢᠨ᠂ ᠬᠡᠵᠢᠶ᠎ᠡ ᠦᠷᠬᠦᠯᠵᠢ ᠴᠦ | ᠮᠦᠩᠬᠡᠷᠡᠨ ᠳᠣᠷᠠᠰᠣᠭᠳᠠᠵᠦ ᠶᠠᠪᠣᠬᠤ ᠨᠢ ᠳᠠᠮᠵᠢᠭ ᠦᠭᠡᠢ ᠪᠢᠯᠡ᠃ | | | | | | ᠮᠣᠩᠭᠤᠯ ᠣᠯᠣᠰ ᠲᠠᠭᠠᠨ ᠨᠡᠷ᠎ᠡ ᠬᠦᠨᠳᠦᠳᠦ ᠨᠡᠪᠳᠡᠷᠡᠬᠦᠯᠦᠭᠴᠢ ᠬᠡᠮᠡᠭᠳᠡᠭᠰᠡᠨ ᠵ᠊᠂ ᠪᠠᠳᠣᠪᠠᠶᠠᠷ ᠨᠢ ᠰᠡᠬᠦᠯ | ᠤᠨ ᠦᠶ᠎ᠡ ᠳᠤ ᠣᠯᠠᠨᠳᠠ ᠦᠪᠣᠷ ᠮᠣᠩᠭᠤᠯ ᠳᠤ ᠶᠠᠪᠣᠵᠦ ᠰᠠᠭᠤᠨ᠂ ᠦᠪᠣᠷ ᠮᠣᠩᠭᠤᠯ ᠲᠧᠯᠸᠢᠰ ᠷᠠᠳᠢᠣ᠋ ᠤᠨ | ᠬᠦᠭᠵᠢᠯᠲᠠ ᠶᠢ ᠮᠠᠰᠢ ᠠᠩᠬᠠᠷᠴᠦ ᠶᠠᠪᠣᠵᠠᠢ᠃ ᠳᠠᠷᠠᠴᠢᠯᠠᠨ ᠦᠪᠣᠷ ᠮᠣᠩᠭᠤᠯ ᠳᠤ ᠨᠠᠪᠳᠡᠷᠡᠬᠦᠯᠦᠭᠴᠢ ᠬᠦᠳᠦᠯᠦᠭᠴᠢ | ᠶᠢᠨ ᠮᠡᠷᠭᠡᠵᠢᠯ ᠢᠶᠠᠷ ᠣᠯᠠᠨᠲᠠ ᠬᠢᠴᠢᠶᠡᠯᠯᠡᠵᠦ ᠪᠠᠶᠢᠭᠰᠠᠨ ᠪᠦᠭᠡᠳ ᠣᠯᠠᠨ ᠠᠷᠪᠢᠨ ᠬᠦᠮᠦᠰ ᠲᠤ ᠳᠣᠷᠰᠢᠯᠭ᠎ᠠ | ᠮᠡᠷᠭᠡᠵᠢᠯ ᠢᠶᠠᠨ ᠳᠡᠯᠬᠡᠷᠡᠬᠦᠯᠵᠦ ᠶᠠᠪᠣᠭᠰᠠᠨ ᠢᠶᠠᠷ ᠦᠪᠣᠷ ᠮᠣᠩᠭᠤᠯᠴᠣᠳ ᠤᠨ ᠢᠳᠡᠬᠡᠯ ᠪᠢᠰᠢᠷᠡᠯ ᠢ ᠬᠦᠷᠳᠡᠵᠦ | ᠶᠠᠪᠣᠭᠰᠠᠨ ᠪᠢᠯᠡ᠃ ᠷᠠᠳᠢᠣ᠋ ᠤᠨ ᠴᠡᠩᠬᠡᠷ ᠳᠣᠯᠬᠢᠶᠠᠨ ᠢᠶᠠᠷ ᠦᠢ ᠣᠯᠠᠨ ᠰᠣᠨᠣᠰᠣᠭᠴᠢ ᠲᠠᠢ ᠪᠠᠶᠢᠳᠠᠭ ᠪᠦᠭᠡᠳ | ᠨᠢᠭᠡ ᠨᠠᠰᠣ ᠪᠠᠨ ᠷᠠᠳᠢᠣ᠋ ᠲᠧᠯᠸᠢᠰ ᠵᠢᠴᠢ ᠨᠡᠪᠳᠡᠷᠡᠬᠦᠯᠦᠭᠴᠢ ᠬᠦᠳᠦᠯᠦᠭᠴᠢ ᠶᠢᠨ ᠦᠢᠯᠡᠰ ᠤᠨ ᠳᠦᠯᠦᠭᠡ | ᠵᠣᠷᠢᠭᠤᠯᠣᠭᠰᠠᠨ ᠨᠡᠪᠳᠡᠷᠡᠬᠦᠯᠭᠡ ᠶᠢᠨ ᠣᠷᠠᠨ ᠳᠠᠷᠬᠠᠨ ᠮᠠᠨᠢ ᠡᠶᠢᠨᠬᠦ ᠬᠤᠷᠸ᠎ᠠ ᠶᠢ ᠣᠷᠬᠢᠨ ᠣᠳᠣᠵᠠᠢ᠃ | ᠳᠠᠯᠢᠢᠭᠴᠢ ᠶᠢᠨ ᠬᠡᠷ ᠪᠦᠯᠢ᠂ ᠦᠷ᠎ᠡ ᠬᠡᠣᠬᠡᠳ᠂ ᠳᠦᠷᠦᠯ ᠳᠦᠷᠦᠭᠰᠡᠳ᠂ ᠠᠬ᠎ᠠ ᠳᠡᠬᠦᠣ᠂ ᠬᠠᠮᠢᠶᠠᠳᠠᠨ | ᠰᠡᠳᠣᠨ᠂ ᠠᠨᠳᠠ ᠨᠠᠶᠢᠵᠠ᠂ ᠨᠦᠬᠦᠳ ᠲᠤᠨᠢ ᠬᠦᠨ ᠠᠴᠠ ᠬᠦᠨ ᠡᠮᠬᠡᠨᠢᠯ ᠦᠪᠣᠷ ᠮᠣᠩᠭᠤᠯ ᠳᠦᠮᠡᠨ ᠠᠴᠠ | ᠬᠦᠷᠬᠡᠬᠦ ᠨᠢ ᠵᠦᠢ ᠪᠢᠯᠡ᠃ | | ᠨᠠᠶᠢᠷᠠᠭᠤᠯᠣᠭᠴᠢ᠄ ᠴᠡᠪᠡᠷ | ᠮᠡᠷᠭᠡᠵᠢᠯ᠄ ᠰᠦᠮᠪᠦᠷ | ᠬᠢᠨᠠᠭᠴᠢ᠄ ᠪᠣᠶᠠᠨᠳᠦ |