ᠡᠷᠢᠶᠡᠨ ᠬᠤᠲᠠ ᠶᠢᠨ ᠮᠣᠩᠭᠤᠯ ᠳᠣᠮᠳᠠᠳᠦ ᠰᠣᠷᠭᠠᠭᠤᠯᠢ34 ᠳᠠᠬᠢ ᠣᠳᠠᠭᠠᠨ ᠤ ᠪᠠᠭᠰᠢ ᠶᠢᠨ ᠪᠠᠶᠠᠷ ᠢ ᠪᠡᠯᠬᠡᠯᠡᠬᠦ ᠰᠢᠷᠢᠰ ᠬᠦᠳᠡᠯᠭᠡᠭᠡᠨ ᠵᠣᠬᠢᠶᠠᠨ  ᠪᠠᠶᠢᠭᠤᠯᠪᠠ
ᠨᠡᠶᠢᠲᠡᠯᠡᠭᠰᠡᠨ ᠴᠠᠭ᠄
2018/9/12
        2018 ᠣᠨ ᠤ 9 ᠰᠠᠷ᠎ᠠ ᠶᠢᠨ10 ᠤ ᠡᠳᠦᠷ᠂  ᠡᠷᠢᠶᠡᠨ ᠬᠤᠲᠠ ᠶᠢᠨ ᠮᠣᠩᠭᠤᠯ ᠦᠨᠳᠣᠰᠣᠳᠡᠨ ᠤ ᠳᠣᠮᠳᠠᠳᠦ ᠰᠣᠷᠭᠠᠭᠤᠯᠢ ᠨᠢ 34 ᠳᠠᠬᠢ ᠣᠳᠠᠭᠠᠨ ᠤ ᠪᠠᠭᠰᠢ ᠶᠢᠨ ᠪᠠᠶᠠᠷ ᠢᠶᠠᠨ ᠦᠪᠡᠳᠡᠭᠰᠢ ᠶᠡᠭᠡ ᠪᠠᠷ  ᠪᠡᠯᠬᠡᠯᠡᠨ᠂ ᠪᠠᠭᠰᠢ ᠬᠦᠮᠦᠨ ᠤ ᠡᠷᠬᠢᠮ ᠨᠠᠨᠳᠢᠨ  ᠵᠠᠩ ᠴᠢᠨᠠᠷ   ᠢ ᠨᠠᠩ ᠰᠠᠶᠢᠨ ᠪᠠᠳᠠᠷᠠᠭᠤᠯᠵᠦ᠂ ᠪᠠᠭᠰᠢ ᠪᠠᠨ ᠬᠦᠨᠳᠦᠯᠡᠵᠦ ᠰᠣᠷᠣᠯᠴᠠᠯᠭ᠎ᠠ ᠶᠢ ᠴᠢᠬᠤᠯᠠᠴᠢᠯᠠᠬᠤ ᠨᠠᠶᠢᠬᠡᠮ   ᠤᠨ ᠠᠭᠤᠷ ᠠᠮᠢᠰᠬᠤᠯ ᠢ ᠪᠣᠢ ᠪᠣᠯᠭᠠᠬᠤ ᠶᠢᠨ ᠳᠣᠯᠠᠳᠠ᠂ ᠮᠠᠨ ᠤ ᠰᠣᠷᠭᠠᠭᠤᠯᠢ ᠨᠢ ᠪᠠᠭᠰᠢ ᠶᠢᠨ ᠪᠠᠶᠠᠷ ᠤᠨ ᠰᠢᠷᠢᠰ ᠬᠦᠳᠡᠯᠭᠡᠭᠡᠨ ᠢ ᠵᠣᠬᠢᠶᠠᠨ ᠪᠠᠶᠢᠭᠤᠯᠣᠨ ᠦᠷᠨᠢᠬᠦᠯᠪᠡ᠃ ᠨᠢᠭᠡ᠂ ︽ ᠭᠤᠣᠯ ᠰᠡᠳᠦᠪᠳᠦ ᠰᠣᠷᠣᠯᠴᠠᠯᠭ᠎ᠠ︾        8 ᠰᠠᠷ᠎ᠠ ᠶᠢᠨ25 ᠤ ᠡᠳᠦᠷ  ᠪᠣᠯᠣᠨ9 ᠰᠠᠷ᠎ᠠ ᠶᠢᠨ1 ᠤ ᠡᠳᠦᠷ ᠪᠣᠯ ᠮᠠᠨ ᠤ ᠰᠣᠷᠭᠠᠭᠤᠯᠢ ᠶᠢᠨ ᠨᠠᠮ ᠤ ᠡᠬᠦᠷ ᠠᠴᠠ ᠭᠠᠷᠠᠭ ᠤᠨ ᠵᠢᠷᠭᠤᠭᠠᠨ   ᠤ ᠴᠠᠭ ᠢᠶᠠᠨ ᠠᠰᠢᠭᠯᠠᠨ ᠪᠠᠭᠰᠢ ᠨᠠᠷ ᠢ ᠵᠣᠬᠢᠶᠠᠨ ᠪᠠᠶᠢᠭᠤᠯᠣᠨ ᠭᠤᠣᠯ ᠰᠡᠳᠦᠪᠳᠦ ᠰᠣᠷᠣᠯᠴᠠᠯᠭ᠎ᠠ ᠶᠢᠨ ᠬᠦᠳᠡᠯᠭᠡᠭᠡᠨ ᠢ ᠦᠷᠨᠢᠬᠦᠯᠪᠡ᠃ ᠨᠢᠭᠡ ᠳᠤ ᠰᠢ ᠶᠢᠨ ᠫᠢᠩ ᠶᠡᠷᠦᠩᠬᠡᠢ ᠱᠦᠵᠢ ᠶᠢᠨ ᠪᠡᠬᠡᠵᠢᠩ  ᠶᠡᠭᠡ ᠰᠣᠷᠭᠠᠭᠤᠯᠢ ᠶᠢᠨ  ᠪᠠᠭᠰᠢ ᠰᠣᠷᠣᠭᠴᠢᠳ ᠤᠨ ᠰᠠᠭᠤᠳᠠᠯ ᠤᠨ ᠬᠤᠷᠠᠯ ᠳᠡᠬᠡᠷᠡᠬᠢ ᠴᠢᠬᠤᠯᠠ ᠶᠠᠷᠢᠶᠠᠨ ᠤ ᠵᠣᠷᠢᠭ ᠰᠠᠨᠠᠭ᠎ᠠ᠂ ︽ ᠨᠠᠮ ᠤᠨ ᠳᠦᠪ  ᠬᠤᠷᠢᠶ᠎ᠠ ᠳᠦᠷᠦ ᠶᠢᠨ ᠶᠠᠪᠣᠳᠠᠯ ᠤᠨ  ᠬᠤᠷᠢᠶ᠎ᠠ ᠠᠴᠠ ᠰᠢᠨ᠎ᠡ ᠴᠠᠭ ᠦᠶ᠎ᠡ ᠶᠢᠨ ᠪᠠᠭᠰᠢ ᠶᠢᠨ ᠡᠩᠨᠡᠭᠡ   ᠶᠢ ᠪᠠᠶᠢᠭᠤᠯᠣᠨ ᠦᠬᠡᠷᠡᠴᠢᠯᠠᠬᠦ ᠶᠢ ᠪᠦᠬᠦ ᠳᠠᠯ᠎ᠠ ᠪᠠᠷ ᠬᠦᠨᠵᠡᠬᠡᠶᠢᠷᠡᠬᠦᠯᠬᠦ  ᠳᠣᠬᠠᠢ ᠰᠠᠨᠠᠯ  ︾   ᠢ ᠰᠣᠷᠣᠯᠴᠠᠪᠠ᠃ ᠬᠤᠶᠠᠷ ᠲᠤ  ᠪᠦᠬᠦ ᠪᠠᠭᠰᠢ ᠠᠵᠢᠯᠲᠠᠳ ᠪᠦᠬᠦ  ᠣᠯᠣᠰ ᠤᠨ ︽ ᠴᠠᠭ ᠦᠶ᠎ᠡ ᠶᠢᠨ ᠬᠦᠳᠡᠯᠮᠣᠷᠢ ᠶᠢᠨ ᠵᠢᠱᠢᠶᠡᠴᠢ︾  ᠯᠢ ᠪᠣᠣ ᠭᠥᠸᠧ᠂ ᠬᠤᠸᠠᠩ ᠳ᠋ᠠ ᠨᠢᠶᠠᠨ  ᠪᠦᠬᠦ ᠣᠯᠣᠰ ᠤᠨ ︽ ᠪᠠᠭ᠋ᠠᠷᠬᠠᠯᠳᠦ ᠪᠠᠭᠰᠢ︾ ᠯᠢ ᠭᠠᠩ ᠵᠡᠷᠭᠡ ᠬᠦᠮᠦᠰ ᠤᠨ ᠰᠢᠯᠢᠳᠡᠭ ᠰᠢᠩᠬᠡᠬᠡᠯᠲᠠ ᠶᠢ  ᠦᠵᠡᠵᠦ ᠰᠣᠨᠢᠷᠬᠠᠨ᠂ ᠳᠡᠳᠡᠨ  ᠤ ᠰᠢᠨᠵᠢᠯᠡᠬᠦ ᠣᠬᠠᠭᠠᠨ ᠪᠠ ᠰᠣᠷᠭᠠᠨ ᠬᠦᠮᠦᠵᠢᠯ ᠤᠨ ᠦᠢᠯᠡᠰ ᠲᠤ  ᠬᠠᠷᠠᠮ ᠦᠭᠡᠢ ᠵᠢᠳᠬᠦᠵᠦ᠂ ᠨᠠᠷ᠎ᠠ  ᠠᠰᠢᠭ   ᠢ   ᠣᠮᠠᠷᠳᠠᠭᠰᠠᠨ᠂ ᠨᠢᠭᠡ ᠨᠠᠰᠣᠨ ᠤ ᠦᠢᠯᠡ ᠠᠵᠢᠯᠯᠠᠭ᠎ᠠ ᠠᠴᠠ ᠲᠠᠭᠠᠨ ᠰᠣᠷᠣᠯᠴᠠᠪᠠ᠃
ᠬᠤᠶᠠᠷ  ᠂ ︽ ᠳᠠᠯᠠᠷᠬᠠᠯ ᠤᠨ ᠶᠠᠷᠢᠶ᠎ᠠ︾        ᠮᠣᠩᠭᠤᠯ ᠳᠣᠮᠳᠠᠳᠦ ᠰᠣᠷᠭᠠᠭᠤᠯᠢ ᠶᠢᠨ ᠪᠠᠭᠰᠢ  ᠰᠠᠷᠠᠨᠳᠣᠩᠭᠠᠯᠠᠭ ᠠᠴᠠ 9 ᠰᠠᠷ᠎ᠠ ᠶᠢᠨ 5 ᠠᠴᠠ 8 ᠤ  ᠡᠳᠦᠷ ᠪᠣᠯᠳᠠᠯ᠎ᠠ  ᠠᠩᠬ᠎ᠠ ᠳᠣᠮᠳᠠᠳᠦ᠂ ᠳᠡᠬᠡᠳᠦ ᠳᠣᠮᠳᠠᠳᠦ᠂ ᠭᠠᠳᠠᠭᠠᠳᠦ ᠶᠢᠨ ᠪᠦᠯᠦᠭ ᠤᠨ ᠰᠣᠷᠣᠭᠴᠢᠳ  ᠵᠢᠴᠢ ᠪᠦᠬᠦ ᠪᠠᠭᠰᠢ ᠬᠡᠷ ᠤᠨ ᠠᠬᠠᠮᠠᠳ ᠲᠤ ︽ ᠳᠠᠯᠠᠷᠬᠠᠯ ᠤᠨ ᠶᠠᠷᠢᠶ᠎ᠠ︾   ᠶᠢᠨ ᠢᠯᠡᠳᠬᠡᠯ ᠬᠢᠪᠡ᠃ ᠳᠣᠰ ᠢᠯᠡᠳᠬᠡᠯ  ᠪᠠᠷ ᠳᠠᠮᠵᠢᠨ ᠰᠣᠷᠣᠭᠴᠢᠳ ᠲᠤ ᠠᠪᠤ ᠡᠵᠢ   ᠳᠤ ᠪᠠᠨ ᠳᠠᠯᠠᠷᠬᠠᠬᠤ᠂ ᠪᠠᠭᠰᠢ ᠳᠤ ᠪᠠᠨ ᠳᠠᠯᠠᠷᠬᠠᠬᠤ᠂ ᠪᠢᠳᠡᠨ   ᠤ ᠳᠡᠷᠬᠡᠳᠡ ᠪᠠᠶᠢᠭ᠎ᠠ ᠬᠦᠮᠦᠨ ᠪᠦᠬᠦᠨ ᠳᠤ ᠳᠠᠯᠠᠷᠬᠠᠬᠤ ᠵᠦᠪ ᠡᠨᠧᠷᠬᠢ ᠶᠢ ᠳᠠᠮᠵᠢᠭᠤᠯᠵᠦ᠂ ᠰᠣᠷᠣᠭᠴᠢᠳ   ᠲᠤ ᠬᠡᠷᠬᠢᠨ ᠬᠦᠮᠦᠨ ᠲᠠᠢ ᠬᠠᠷᠢᠯᠴᠠᠬᠤ᠂ ᠪᠣᠰᠣᠳ ᠢ ᠬᠦᠨᠳᠦᠳᠬᠡᠬᠦ᠂  ᠰᠣᠷᠣᠯᠴᠠᠯᠭ᠎ᠠ ᠶᠢᠨ ᠦᠨ᠎ᠡ ᠦᠷᠳᠡᠭ ᠢ   ᠣᠶᠢᠯᠠᠭᠠᠭᠤᠯᠪᠠ᠃
ᠭᠤᠷᠪᠠ᠂ ︽ ᠳᠠᠨᠠᠷ ᠲᠤ  ᠳᠠᠯᠠᠷᠬᠠᠶ᠎ᠠ︾        ᠪᠠᠭᠰᠢ ᠶᠢᠨ ᠪᠠᠶᠠᠷ ᠤᠨ ᠨᠢᠭᠡᠳᠦᠬᠡᠷ ᠡᠳᠦᠷ ᠠᠩᠬᠢ ᠪᠣᠯᠭᠠᠨ ᠠᠴᠠ ᠨᠢᠭᠡ ᠳᠦᠯᠦᠬᠡᠯᠡᠭᠴᠢ ᠳᠣᠮᠢᠯᠠᠨ  ᠬᠢᠴᠢᠶᠡᠯ ᠤᠨ ᠪᠠᠭᠰᠢ ᠪᠠ ᠠᠷᠦ ᠳᠠᠯ᠎ᠠ ᠶᠢᠨ ᠠᠵᠢᠯᠳᠠᠨ ᠳᠤ ᠪᠠᠶᠠᠷ ᠤᠨ  ᠡᠳᠦᠷ ᠤᠨ ᠮᠡᠨᠳᠦ ᠬᠦᠷᠬᠡᠪᠡ᠃
ᠳᠦᠷᠪᠡ᠂ ︽ ᠪᠠᠶᠠᠷ ᠤᠨ ᠡᠳᠦᠷ ᠤᠨ ᠳᠣᠭᠯᠠᠯᠲᠠ︾      9 ᠰᠠᠷ᠎ᠠ ᠶᠢᠨ10 ᠤ ᠡᠳᠦᠷ   ᠤᠨ ᠬᠢᠴᠢᠶᠡᠯ ᠤᠨ  ᠶᠡᠭᠡ ᠵᠠᠪᠰᠠᠷᠯᠠᠭ᠎ᠠ ᠶᠢᠨ ᠴᠠᠭ ᠲᠤ ᠰᠣᠷᠣᠭᠴᠢᠳ ᠢᠶᠠᠷ ᠪᠦᠷᠢᠯᠳᠦᠭᠰᠡᠨ  ᠰᠣᠷᠭᠠᠭᠤᠯᠢ ᠶᠢᠨ ︽ᠪᠢᠴᠢᠬᠠᠨ  ᠣᠯᠠᠭᠠᠨᠮᠦᠴᠢᠷ  ︾ ᠨᠢ ᠪᠠᠭᠰᠢ ᠶᠢᠨ ᠪᠠᠶᠠᠷ ᠢᠶᠠᠨ ᠪᠡᠯᠬᠡᠯᠡᠬᠦ ᠳᠣᠭᠯᠠᠯᠲᠠ ᠭᠠᠷᠭᠠᠵᠦ᠂ ᠪᠠᠭᠰᠢ ᠰᠣᠷᠣᠭᠴᠢᠳ   ᠲᠤ  ᠣᠳᠬ᠎ᠠ ᠠᠭᠤᠯᠭ᠎ᠠ ᠲᠠᠢ᠂ ᠮᠠᠷᠳᠠᠭᠰᠠᠢ ᠦᠭᠡᠢ ᠪᠡᠯᠡᠭ ᠪᠠᠷᠢᠪᠠ᠃
 
ᠢᠷᠡᠯᠲᠡ᠄ ᠡᠷᠢᠶᠡᠨ ᠬᠤᠲᠠ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号