ᠠᠯᠠᠭ ᠳᠡᠯᠡᠬᠡᠢ ᠳᠤ ᠳᠦᠷᠦᠭᠰᠡᠨ ᠮᠢᠨᠢ ᠣᠴᠢᠷᠳᠠᠢ
ᠨᠡᠶᠢᠲᠡᠯᠡᠭᠰᠡᠨ ᠴᠠᠭ᠄
2018/9/18
                                     ᠪ᠊᠂ ᠶᠠᠪᠣᠬᠤᠯᠠᠩ ᠠᠯᠳᠠᠨ ᠳᠡᠯᠡᠬᠡᠢ ᠳᠤ ᠳᠦᠷᠦᠭᠰᠡᠨ ᠮᠢᠨᠢ ᠣᠴᠢᠷᠲᠠᠢ ᠠᠪᠤ ᠶᠢᠨ ᠬᠡᠷ ᠤᠨ ᠠᠮᠣᠷ ᠳᠠᠶᠢᠪᠣᠩ ᠢ ᠡᠪᠳᠡᠭᠡᠳ ᠪᠢ ᠠᠴᠢᠳᠦ  ᠡᠬᠡ ᠪᠠᠨ ᠠᠷᠪᠠᠨ ᠰᠠᠷ᠎ᠠ ᠵᠣᠪᠠᠭᠠᠭᠰᠠᠨ ᠤ ᠡᠴᠣᠰ   ᠲᠤ ᠠᠯᠠᠭ ᠦᠷ᠎ᠡ ᠨᠢ ᠪᠣᠯᠵᠦ ᠪᠠᠶᠠᠷᠯᠠᠭᠤᠯᠬᠤ ᠬᠡᠰᠡᠨ ᠶᠤᠮ ᠪᠢ ᠠᠯᠳᠠᠨ ᠳᠡᠯᠡᠬᠡᠢ ᠳᠤ ᠳᠦᠷᠦᠭᠰᠡᠨ ᠮᠢᠨᠢ ᠣᠴᠢᠷᠲᠠᠢ ᠬᠡᠷᠡᠯᠳᠦ ᠣᠷᠴᠢᠯᠠᠩ ᠲᠤ ᠳᠦᠷᠦᠭᠰᠡᠨ ᠮᠢᠨᠢ ᠣᠴᠢᠷᠲᠠᠢ ᠬᠡᠮ ᠦᠬᠡᠢ ᠰᠢᠪᠠᠭᠤᠳ ᠤᠨ ᠡᠬᠦᠷ ᠢ ᠡᠪᠳᠡᠵᠦ ᠦᠨᠳᠡᠭᠡ ᠶᠢ ᠨᠢ  ᠨᠢᠴᠠᠯᠣᠭᠠᠳ ᠬᠡᠷᠰᠠᠣ ᠰᠠᠭᠤᠵᠦ ᠣᠬᠠᠭᠠᠨ ᠣᠷᠣᠭᠰᠠᠨ ᠤ ᠪᠠᠨ ᠡᠴᠣᠰ ᠲᠤ ᠬᠡᠨᠡᠨ ᠨᠠᠰᠦ ᠪᠠᠨ ᠦᠷᠦᠪᠳᠡᠵᠦ ᠵᠣᠪᠠᠵᠦ ᠶᠠᠪᠣᠬᠤ ᠬᠡᠰᠡᠨ ᠶᠤᠮ ᠪᠢ ᠬᠡᠷᠡᠯᠳᠦ ᠣᠷᠴᠢᠯᠠᠩ ᠲᠤ ᠳᠦᠷᠦᠭᠰᠡᠨ ᠮᠢᠨᠢ ᠣᠴᠢᠷᠲᠠᠢ ᠠᠯᠠᠭ  ᠳᠡᠯᠡᠬᠡᠢ ᠳᠤ ᠳᠦᠷᠦᠭᠰᠡᠨ ᠮᠢᠨᠢ ᠣᠴᠢᠷᠲᠠᠢ ᠠᠳᠣᠭᠤ ᠮᠠᠨᠠᠵᠦ ᠳᠠᠰᠣᠭᠰᠠᠨ ᠠᠳᠠᠷᠬᠠᠨ ᠳᠠᠯ᠎ᠠ ᠨᠣᠳᠤᠭ ᠲᠤ ᠪᠠᠨ ᠠᠩᠬᠠᠨ ᠤ ᠳᠣᠷᠠᠯᠠᠯ ᠲᠠᠢ ᠣᠴᠠᠷᠠᠵᠦ ᠡᠮᠨᠢᠭ ᠰᠡᠳᠬᠢᠯ ᠢᠶᠠᠨ ᠣᠶᠠᠷᠠᠭᠠᠭᠠᠳ ᠠᠵᠠ ᠳᠣᠳᠠᠵᠦ ᠠᠮᠢᠳᠣᠷᠠᠯ ᠤᠨ ᠳᠣᠷᠰᠢ ᠮᠦᠷᠦᠬᠡᠳᠬᠦ ᠬᠡᠰᠡᠨ ᠶᠤᠮ ᠪᠢ ᠠᠯᠠᠭ ᠳᠡᠯᠡᠬᠡᠢ ᠳᠤ ᠳᠦᠷᠦᠭᠰᠡᠨ ᠮᠢᠨᠢ ᠣᠴᠢᠷᠲᠠᠢ ᠳᠣᠭᠤᠰᠣᠳᠦ ᠬᠤᠷᠸ᠎ᠠ ᠳᠤ ᠳᠦᠷᠦᠭᠰᠡᠨ ᠮᠢᠨᠢ ᠣᠴᠢᠷᠲᠠᠢ  ᠳᠣᠬᠤᠢ ᠶᠢᠨ ᠴᠢᠨᠡᠬᠡᠨ ᠦᠷ᠎ᠡ ᠶᠢᠨ   ᠢᠶᠠᠨ ᠰᠦᠨᠢ ᠶᠢᠨ ᠣᠬᠢᠯᠠᠬᠤ ᠶᠢ ᠰᠣᠨᠣᠰᠴᠦ ᠳᠦᠷᠦᠭᠰᠡᠨ ᠡᠴᠢᠬᠡ ᠶᠢᠨ ᠢᠶᠠᠨ ᠠᠪᠴᠢᠷᠠᠭᠰᠠᠨ ᠪᠠᠶᠠᠷ ᠭᠤᠨᠢᠭ ᠬᠤᠶᠠᠷ ᠢ ᠳᠤᠭ᠎ᠠ ᠶᠣᠰᠣᠭᠠᠷ ᠨᠢ ᠦᠪᠡᠷ ᠢᠶᠠᠨ ᠠᠮᠰᠠᠵᠦ ᠮᠡᠳᠡᠬᠦ ᠬᠡᠰᠡᠨ ᠶᠣᠮ   ᠪᠢ ᠳᠣᠭᠤᠰᠣᠳᠦ ᠬᠤᠷᠸ᠎ᠠ ᠳᠤ ᠳᠦᠷᠦᠭᠰᠡᠨ ᠮᠢᠨᠢ ᠣᠴᠢᠷᠲᠠᠢ ᠳᠠᠭᠤᠯᠢᠮ᠎ᠠ ᠬᠤᠷᠸ᠎ᠠ ᠳᠤ ᠳᠦᠷᠦᠭᠰᠡᠨ ᠮᠢᠨᠢ ᠣᠴᠢᠷᠲᠠᠢ ᠳᠠᠭᠤᠯᠠᠵᠦ ᠰᠠᠭᠤᠭᠠᠳ ᠡᠵᠢ ᠶᠢᠨ ᠢᠶᠠᠨ ᠣᠬᠢᠯᠠᠬᠤ ᠶᠢ ᠦᠵᠡᠬᠦ ᠬᠡᠵᠦ  ᠳᠠᠭᠤᠣ ᠳᠤ ᠳᠡᠶᠢᠮᠦ ᠶᠡᠭᠡ ᠴᠢᠳᠠᠯ ᠰᠢᠩᠬᠡᠵᠦ ᠪᠠᠶᠢᠳᠠᠭ ᠢ  ᠮᠡᠳᠡᠬᠡᠳ ᠳᠠᠭᠤᠣ ᠦᠪᠡᠷ ᠢᠶᠠᠨ ᠵᠣᠬᠢᠶᠠᠵᠦ ᠳᠠᠭᠤᠣ ᠲᠠᠢ ᠬᠠᠮᠳᠦ ᠠᠮᠢᠳᠣᠷᠠᠬᠤ ᠬᠡᠰᠡᠨ ᠶᠤᠮ ᠪᠢ ᠳᠠᠭᠤᠯᠢᠮ᠎ᠠ ᠬᠤᠷᠸ᠎ᠠ ᠳᠤ ᠳᠦᠷᠦᠭᠰᠡᠨ ᠮᠢᠨᠢ ᠣᠴᠢᠷᠲᠠᠢ ᠬᠦᠷᠦᠰᠦᠳᠦ ᠳᠡᠯᠡᠬᠡᠢ ᠳᠤ ᠳᠦᠷᠦᠭᠰᠡᠨ ᠮᠢᠨᠢ ᠣᠴᠢᠷᠲᠠᠢ ᠬᠦᠯᠦᠭ ᠤᠨ ᠵᠣ ᠪᠣᠯᠣᠭᠰᠠᠨ ᠳᠦᠷᠦᠭᠰᠡᠨ ᠨᠣᠳᠤᠭ ᠲᠠᠭᠠᠨ ᠠᠮᠢᠳᠣᠷᠠᠬᠤ ᠬᠡᠵᠦ ᠬᠦᠦ ᠶᠢᠨ ᠶᠣᠰᠣᠭᠠᠷ ᠡᠬᠡ ᠣᠷᠣᠨ ᠳᠠᠭᠠᠨ ᠬᠠᠶᠢᠷᠠᠲᠠᠢ ᠪᠠᠶᠢᠭᠰᠠᠨ ᠶᠤᠮ  ᠬᠡᠵᠦ ᠬᠤᠶᠢᠴᠢ ᠦᠶ᠎ᠡ ᠪᠠᠷ ᠢᠶᠠᠨ  ᠠᠮᠠ ᠪᠠᠷᠳᠠᠮ ᠬᠡᠯᠡᠬᠦᠯᠬᠦ ᠬᠡᠰᠡᠨ ᠶᠤᠮ ᠪᠢ ᠬᠦᠷᠦᠰᠦᠳᠦ ᠳᠡᠯᠡᠬᠡᠢ ᠳᠤ ᠳᠦᠷᠦᠭᠰᠡᠨ ᠮᠢᠨᠢ ᠣᠴᠢᠷᠲᠠᠢ ᠣᠨᠠᠭᠠᠨ ᠬᠦᠯᠦᠭ ᠢᠶᠠᠨ ᠳᠣᠷᠠᠰᠣᠨ ᠣᠷᠠᠨ ᠬᠤᠭᠤᠷ ᠢᠶᠠᠨ ᠳᠠᠳᠠᠵᠦ ᠣᠳᠬ᠎ᠠ ᠶᠢᠨ ᠢᠷᠠᠭᠤ ᠳᠠᠭᠤᠣ ᠳᠠᠭᠠᠨ ᠣᠶᠠᠷᠠᠵᠦ ᠬᠠᠳᠠᠭᠤᠵᠢᠵᠦ ᠰᠠᠭᠤᠬᠤ ᠳᠠᠭᠠᠨ ᠬᠤᠷᠸ᠎ᠠ ᠶᠢᠨ ᠬᠠᠮᠤᠭ ᠶᠠᠪᠣᠳᠠᠯ ᠢ ᠬᠤᠶᠠᠷᠬᠠᠨ ᠴᠢᠪᠬᠠᠳᠠᠰᠦ ᠪᠠᠷ ᠶᠠᠷᠢᠳᠠᠭ ᠬᠤᠣᠰ ᠦᠬᠡᠢ ᠨᠢᠬᠡᠨ ᠣᠪᠣᠭ ᠠᠽᠢᠶ᠎ᠠ ᠶᠢᠨ ᠴᠡᠬᠡᠵᠢᠨ ᠳᠤ ᠨᠣᠳᠤᠭ ᠲᠠᠢ᠃
 
ᠢᠷᠡᠯᠲᠡ᠄ ᠡᠷᠢᠶᠡᠨ ᠬᠤᠲᠠ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号