ᠠᠯᠳᠠᠷᠳᠦ ᠳᠠᠭᠤᠴᠢᠨ ᠪᠦᠷᠢᠨᠪᠠᠶᠠᠷ 2018 ᠣᠨ  ᠤ 9 ᠰᠠᠷ᠎ᠠ  ᠶᠢᠨ19  ᠤ ᠡᠳᠦᠷ ᠬᠡᠨᠡᠳᠲᠠ ᠶᠢᠨ ᠵᠢᠷᠣᠬᠡᠨ ᠡᠪᠡᠳᠴᠢᠨ ᠢᠶᠠᠷ ᠶᠢᠷᠳᠢᠨᠴᠦ ᠶᠢᠨ ᠮᠦᠩᠬᠡ ᠪᠣᠰᠦ ᠶᠢ ᠦᠵᠡᠪᠡ
ᠨᠡᠶᠢᠲᠡᠯᠡᠭᠰᠡᠨ ᠴᠠᠭ᠄
2018/9/20
   
          ᠣᠶᠠᠩᠭᠠᠳᠦ ᠰᠠᠶᠢᠬᠠᠨ  ᠳᠠᠭᠤᠣ  ᠬᠤᠭᠤᠯᠠᠢ ᠪᠠᠷ ᠢᠶᠠᠨ ᠠᠷᠠᠳ ᠣᠯᠠᠨ ᠢᠶᠠᠨ ᠪᠠᠶᠠᠰᠬᠠᠵᠦ᠂ ᠣᠯᠠᠨ ᠰᠠᠶᠢᠬᠠᠨ ᠣᠷᠠᠨ ᠪᠦᠳᠦᠬᠡᠯ ᠢᠶᠠᠷ ᠢᠶᠠᠨ ᠮᠣᠩᠭᠤᠯ ᠳᠦᠮᠡᠨ ᠳᠤ ᠪᠠᠨ ᠱᠠᠭᠰᠢᠭᠳᠠᠵᠦ  ᠢᠷᠡᠭᠰᠡᠨ᠂ ᠠᠷᠠᠳ ᠣᠯᠠᠨ ᠤ ᠰᠡᠳᠬᠢᠯ   ᠳᠤ ᠨᠠᠷᠠ ᠪᠣᠯᠵᠦ ᠶᠠᠪᠣᠭ᠎ᠠ ᠳᠠᠭᠤᠴᠢᠨ ᠪᠦᠷᠢᠨᠪᠠᠶᠠᠷ ᠦᠴᠦᠬᠡᠳᠦᠷ ᠣᠷᠣᠢ ᠶᠢᠨ 8 ᠴᠠᠭ ᠲᠤ ᠬᠠᠶᠢᠯᠠᠷ  ᠬᠤᠲᠠ ᠳᠤ ᠬᠡᠨᠡᠳᠲᠠ ᠪᠠᠷ ᠨᠠᠰᠦ ᠪᠠᠷᠠᠪᠠ᠃ ᠳᠡᠬᠦᠨ ᠤ ᠨᠠᠰᠦ ᠪᠠᠷᠠᠭᠰᠠᠨ  ᠶᠠᠪᠣᠳᠠᠯ   ᠨᠢ ᠦᠢ ᠣᠯᠠᠨ ᠮᠣᠩᠭᠤᠯᠴᠣᠣᠨ ᠤᠨ ᠬᠠᠷᠠᠮᠰᠠᠯ ᠪᠣᠯᠬᠤ ᠪᠠᠷ ᠪᠠᠷᠠᠬᠤ ᠦᠭᠡᠢ᠂  ᠣᠷᠠᠯᠢᠭ ᠤᠨ ᠳᠠᠪᠴᠠᠩ ᠤᠨ ᠨᠢᠭᠡᠨ ᠶᠡᠭᠡ ᠬᠤᠬᠢᠷᠠᠯ ᠪᠣᠯᠣᠨ᠎ᠠ᠃        
         9 ᠰᠠᠷ᠎ᠠ ᠶᠢᠨ15 ᠤ ᠡᠳᠦᠷ   ᠤᠨ ᠦᠳᠡ ᠶᠢᠨ ᠡᠮᠣᠨ᠎ᠡ᠂ ᠪᠦᠷᠢᠨᠪᠠᠶᠠᠷ ᠪᠠᠭᠰᠢ  ᠮᠢᠨᠢ  ︽ ᠬᠦᠯᠦᠨ ᠪᠣᠶᠢᠷ᠂ ᠬᠦᠭᠵᠢᠨ ᠮᠠᠨᠳᠣᠳᠣᠭᠠᠢ︾  ᠬᠡᠰᠡᠨ ᠰᠢᠨ᠎ᠡ ᠨᠣᠮ ᠤᠨ ᠳᠠᠷᠬᠠᠭᠠᠯᠲᠠ ᠪᠠ   ᠬᠡᠷᠡᠯ ᠵᠢᠷᠤᠭ ᠤᠨ  ᠦᠵᠡᠬᠦᠯᠦᠯᠭᠡ   ᠶᠢᠨ ᠨᠡᠬᠡᠬᠡᠯᠲᠠ ᠶᠢᠨ ᠶᠣᠰᠣᠯᠠᠯ ᠢᠶᠠᠨ  ᠬᠢᠵᠦ ᠪᠠᠶᠢᠭᠰᠠᠨ  ᠪᠠᠶᠢᠬᠤ ᠳᠤ᠂ ᠳᠦᠷᠪᠡᠨ ᠡᠳᠦᠷ ᠤᠨ ᠳᠠᠷᠠᠭ᠎ᠠ ᠶᠢᠷᠳᠢᠨᠴᠦ ᠠᠴᠠ  ᠬᠠᠯᠢᠴᠢᠬᠠᠨ᠎ᠠ ᠬᠡᠳᠡᠭ ᠢ ᠬᠡᠨ ᠰᠣᠨᠣᠰᠣᠭᠰᠠᠨ ᠴᠦ ᠢᠳᠡᠬᠡᠵᠦ ᠶᠠᠳᠠᠨ᠎ᠠ᠃
    ᠰᠢᠨ᠎ᠡ ᠨᠣᠮ ᠳᠠᠷᠬᠠᠭᠠᠬᠤ ᠶᠣᠰᠣᠯᠠᠯ   ᠳᠤ ᠨᠣᠮ ᠤᠨ ᠨᠢᠭᠤᠷ ᠲᠤ ᠭᠠᠷ ᠤᠨ ᠦᠰᠦᠭ ᠵᠢᠷᠣᠵᠦ ᠪᠠᠶᠢᠭ᠎ᠠ ᠨᠢ
                      ᠨᠣᠮ  ᠬᠦᠷᠬᠡᠬᠦ ᠶᠣᠰᠣᠯᠠᠯ ᠤᠨ ᠠᠬᠤᠢ ᠳᠠᠯᠠᠪᠠᠢ       ᠳᠠᠭᠤᠴᠢᠨ ᠮᠢᠨᠢ ᠠᠵᠢᠯ   ᠳᠤ ᠪᠠᠨ ᠬᠡᠵᠦ ᠳᠡᠩᠳᠡᠬᠦᠣ  ᠵᠢᠳᠬᠦᠭᠰᠡᠭᠡᠷ᠂ ᠠᠰ ᠤᠨ ᠪᠡᠶ᠎ᠡ   ᠶᠢᠨ ᠢᠶᠠᠨ ᠡᠷᠡᠬᠦᠯ ᠮᠡᠨᠳᠦ ᠶᠢ ᠠᠨᠵᠢᠶᠠᠷᠠᠭᠰᠠᠨ ᠦᠬᠡᠢ  ᠪᠠᠶᠢᠬ᠎ᠠ ᠳ᠋ᠠ᠃   ᠠᠷᠠᠢ ᠯᠡ  ᠡᠷᠲᠠ 58 ᠨᠠᠰᠣᠨ ᠳᠠᠭᠠᠨ ᠪᠢᠳᠠᠨ  ᠠᠴᠠ ᠰᠠᠯᠵᠦ  ᠣᠳᠣᠯ᠎ᠠ ᠳ᠋ᠠ︕ ᠲᠠᠨ ᠤ ᠳᠠᠭᠤᠯᠠᠭᠰᠠᠨ ︽  ᠴᠢᠨᠳᠠᠮᠣᠨᠢ  ᠡᠷᠳᠠᠨᠢ︾  ᠬᠡᠬᠦ ᠳᠠᠭᠤᠣ ᠬᠡᠴᠢᠨᠠᠨ ᠣᠯᠠᠨ ᠠᠶᠢᠯ ᠡᠷᠦᠬᠡ ᠳᠤ ᠠᠵᠠ  ᠵᠢᠷᠭᠠᠯ᠂ ᠪᠠᠶᠠᠷ ᠬᠦᠷ ᠠᠪᠴᠢᠷᠠᠵᠦ  ᠪᠠᠶᠢᠭᠰᠠᠨ ᠪᠣᠢ︕ ᠳᠠᠨ ᠤ  ᠳᠠᠭᠤᠣ ᠬᠤᠭᠤᠯᠠᠢ ᠬᠡᠵᠢᠶᠡᠳᠠ ᠪᠢᠳᠠᠨ ᠤ ᠰᠡᠳᠬᠢᠯ ᠵᠢᠷᠣᠬᠡᠨ ᠳᠤ ᠴᠣᠣᠷᠢᠶᠠᠯᠳᠣᠬᠤ ᠶᠤᠮ ᠡ︕     ᠡᠷᠬᠢᠵᠦ ᠮᠣᠩᠭᠤᠯ ᠳᠠᠭᠠᠨ ᠳᠦᠷᠦᠬᠡᠷᠡᠢ︕
 
ᠢᠷᠡᠯᠲᠡ᠄ ᠡᠷᠢᠶᠡᠨ ᠬᠤᠲᠠ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号