ᠡᠷᠢᠶᠡᠨ ᠬᠤᠲᠠ ᠶᠢᠨ ᠮᠣᠩᠭᠤᠯ ᠦᠨᠳᠣᠰᠣᠳᠡᠨ ᠤ  ᠬᠡᠣᠬᠡᠳ ‍ᠤᠨ‌‍ᠴᠡᠴᠡᠷᠯᠢᠭ  ᠭᠠᠵᠠᠷ ᠬᠦᠳᠡᠯᠦᠯᠲᠠ  ᠠᠴᠠ ᠰᠡᠷᠬᠡᠶᠢᠯᠡᠵᠦ ᠪᠠᠴᠢᠮ  ᠪᠠᠶᠢᠳᠠᠯ ᠢ ᠠᠷᠭᠠᠴᠠᠬᠤ  ᠰᠣᠷᠢᠯᠲᠠ ᠶᠢᠨ ᠠᠵᠢᠯᠯᠠᠭ᠎ᠠ ᠦᠷᠨᠢᠬᠦᠯᠪᠡ
ᠨᠡᠶᠢᠲᠡᠯᠡᠭᠰᠡᠨ ᠴᠠᠭ᠄
2018/9/27
 
      ᠭᠠᠵᠠᠷ ᠬᠦᠳᠡᠯᠦᠯᠲᠠ ᠠᠴᠠ ᠰᠡᠷᠬᠡᠶᠢᠯᠡᠵᠦ  ᠭᠠᠮᠰᠢᠭ ᠢ ᠪᠠᠭᠠᠰᠬᠠᠬᠤ ᠮᠡᠳᠡᠯᠭᠡ ᠶᠢ ᠳᠦᠬᠡᠮᠡᠯᠵᠢᠬᠦᠯᠵᠦ᠂ ᠪᠠᠭᠰᠢ ᠠᠵᠢᠯᠲᠠᠨ  ᠵᠢᠴᠢ ᠴᠡᠴᠡᠷᠯᠢᠭ ᠤᠨ ᠬᠡᠣᠬᠡᠳ ᠤᠨ ᠭᠠᠵᠠᠷ ᠬᠦᠳᠡᠯᠦᠯᠲᠠ᠂ ᠭᠠᠢ ᠭᠠᠮᠰᠢᠭ ᠠᠴᠠ  ᠦᠪᠡᠷ ᠢ  ᠪᠠᠨ ᠬᠠᠮᠠᠭᠠᠯᠠᠬᠤ ᠮᠡᠳᠡᠯᠭᠡ  ᠪᠠ  ᠭᠠᠵᠠᠷ ᠬᠦᠳᠡᠯᠬᠦ ᠳᠤ ᠠᠶᠣᠯ ᠠᠴᠠ ᠵᠠᠶᠢᠯᠠᠬᠤ᠂ ᠠᠮᠢ   ᠪᠠᠨ ᠬᠠᠮᠠᠭᠠᠯᠠᠬᠤ᠂ ᠦᠪᠡᠷ ᠢ ᠪᠠᠨ ᠠᠪᠣᠷᠠᠬᠤ᠂ ᠬᠠᠷᠢᠯᠴᠠᠨ ᠠᠪᠣᠷᠠᠬᠤ ᠴᠢᠳᠠᠪᠣᠷᠢ ᠶᠢ ᠳᠡᠭᠡᠭᠰᠢᠯᠡᠬᠦᠯᠬᠦ ᠶᠢᠨ ᠳᠣᠯᠠᠳᠠ᠂ 9 ᠰᠠᠷ᠎ᠠ  ᠶᠢᠨ26 ᠤ ᠡᠳᠦᠷ ᠤᠨ ᠦᠳᠠ ᠶᠢᠨ ᠬᠤᠶᠢᠨ᠎ᠠ᠂ ᠡᠷᠢᠶᠡᠨ ᠬᠤᠲᠠ ᠶᠢᠨ  ᠮᠣᠩᠭᠤᠯ ᠦᠨᠳᠣᠰᠣᠳᠡᠨ ᠤ ᠴᠡᠴᠡᠷᠯᠢᠭ ᠭᠠᠵᠠᠷ ᠬᠦᠳᠡᠯᠦᠯᠲᠠ ᠠᠴᠠ ᠰᠡᠷᠬᠡᠶᠢᠯᠡᠵᠦ ᠭᠠᠮᠰᠢᠭ ᠢ ᠪᠠᠭᠠᠰᠬᠠᠬᠤ ᠬᠦᠮᠦᠵᠢᠯ ᠪᠠ ᠭᠠᠵᠠᠷ ᠬᠦᠳᠡᠯᠦᠯᠲᠠ ᠶᠢᠨ ᠪᠠᠴᠢᠮ ᠪᠠᠶᠢᠳᠠᠯ ᠢ ᠠᠷᠭᠠᠴᠠᠬᠤ  ᠰᠣᠷᠢᠯᠲᠠ ᠶᠢᠨ  ᠠᠵᠢᠯᠯᠠᠭ᠎ᠠ   ᠶᠢ ᠦᠷᠨᠢᠬᠦᠯᠪᠡ᠃        ᠦᠳᠠ ᠶᠢᠨ ᠬᠤᠶᠢᠨ᠎ᠠ ᠶᠢᠨ4  ᠄ 00 ᠴᠠᠭ   ᠲᠤ᠂ ᠴᠡᠴᠡᠷᠯᠢᠭ ᠤᠨ ᠠᠭᠠᠷ ᠰᠡᠷᠬᠡᠶᠢᠯᠡᠯᠲᠠ ᠶᠢᠨ ᠪᠠᠴᠢᠮ ᠳᠣᠬᠢᠶ᠎ᠠ  ᠳᠣᠣᠭᠠᠷᠴᠦ᠂  ᠭᠠᠵᠠᠷ ᠬᠦᠳᠡᠯᠦᠯᠲᠠ ᠶᠢ ᠰᠡᠷᠬᠡᠶᠢᠯᠡᠬᠦ  ᠰᠣᠷᠢᠯᠲᠠ ᠡᠬᠢᠯᠡᠪᠡ᠃ ᠴᠡᠴᠡᠷᠯᠢᠭ ᠤᠨ ᠡᠯ᠎ᠡ ᠳᠣᠭᠤᠶᠢᠯᠠᠩ   ᠤᠨ ᠬᠦᠮᠦᠰ ᠳᠡᠷᠡ ᠳᠠᠷᠣᠢ   ᠳᠠᠭᠠᠨ ᠦᠪᠡᠷᠰᠡᠳ ᠤᠨ ᠪᠠᠶᠢᠷᠢ ᠪᠠᠨ ᠣᠯᠵᠦ᠂ ᠡᠯ᠎ᠡ ᠠᠩᠬᠢ ᠵᠢᠴᠢ ᠪᠠᠭᠰᠢ ᠨᠠᠷ ᠴᠠᠭ ᠳᠣᠬᠠᠢ   ᠳᠤ ᠪᠠᠨ ᠭᠠᠵᠠᠷ ᠬᠦᠳᠡᠯᠦᠯᠲᠠ ᠶᠢᠨ ᠪᠠᠶᠢᠳᠠᠯ ᠢ ᠴᠡᠴᠡᠷᠯᠢᠭ ᠤᠨ ᠬᠡᠣᠬᠡᠳ ᠤᠳ ᠲᠤ  ᠮᠡᠳᠡᠭᠳᠡᠬᠦ ᠶᠢᠨ ᠬᠠᠮᠳᠦ᠂ ᠬᠡᠣᠬᠡᠳ ᠤᠳ   ᠲᠤ ᠪᠠᠴᠢᠮ ᠪᠠᠶᠢᠳᠠᠯ ᠢ ᠠᠷᠭᠠᠴᠠᠬᠤ ᠵᠢᠯᠣᠭᠤᠳᠣᠯᠭ᠎ᠠ ᠬᠢᠪᠡ᠃ ᠬᠡᠣᠬᠡᠳ  ᠤᠳ ᠭᠠᠷ ᠢᠶᠠᠷ ᠢᠶᠠᠨ ᠳᠣᠯᠣᠭᠠᠢ ᠪᠠᠨ ᠬᠠᠮᠠᠭᠠᠯᠠᠵᠦ᠂ ᠰᠢᠷᠡᠬᠡᠨ ᠤ ᠬᠠᠵᠠᠭᠤ ᠳᠤ ᠨᠢᠭᠤᠭᠳᠠᠵᠦ᠂ ᠪᠠᠭᠰᠢ ᠶᠢᠨ ᠳᠠᠭᠠᠠᠭᠤᠯᠭ᠎ᠠ ᠳᠣᠣᠷ᠎ᠠ᠂ ᠲᠦᠷᠬᠡᠨ ᠪᠦᠭᠡᠳ ᠡᠮᠬᠢ ᠴᠡᠭᠴᠡ ᠲᠠᠢ   ᠪᠠᠷ ᠠᠶᠣᠯ ᠦᠭᠡᠢ ᠭᠠᠷᠬᠤ ᠵᠠᠮ ᠢᠶᠠᠷ  ᠠᠮᠣᠷ ᠳᠦᠪᠰᠢᠨ ᠭᠠᠵᠠᠷ ᠲᠤ  ᠬᠦᠷᠪᠡ᠃ ᠡᠯ᠎ᠡ ᠠᠩᠬᠢ ᠶᠢᠨ ᠪᠠᠭᠰᠢ ᠠᠴᠠ ᠬᠦᠮᠦᠨ ᠤ ᠳᠤᠭ᠎ᠠ ᠶᠢ  ᠪᠦᠷᠢᠳᠬᠡᠵᠦ᠂   ᠬᠠᠷᠢᠭᠤᠴᠠᠯᠭᠠᠳᠠᠨ ᠳᠤ  ᠮᠡᠳᠡᠬᠦᠯᠵᠦ᠂  ᠬᠠᠷᠢᠭᠤᠴᠠᠯᠭᠠᠳᠠᠨ ᠠᠴᠠ ᠳᠣᠰ ᠣᠳᠠᠭᠠᠨ ᠤ ᠪᠠᠴᠢᠮ ᠪᠠᠶᠢᠳᠠᠯ ᠢ ᠠᠷᠭᠠᠴᠠᠬᠤ  ᠰᠣᠷᠢᠯᠲᠠ   ᠳᠤ ᠳ᠋ᠦᠩᠨᠡᠯᠲᠠ ᠬᠢᠪᠡ᠃        ᠪᠦᠬᠦᠶᠢᠯᠠ ᠰᠣᠷᠢᠯᠲᠠ ᠶᠢᠨ  ᠠᠵᠢᠯᠯᠠᠭ᠎ᠠ ᠭᠤᠷᠪᠠᠨ ᠮᠢᠨᠦ᠋ᠲ ᠶᠠᠪᠣᠭᠳᠠᠵᠦ᠂ ᠶᠠᠪᠣᠴᠠ ᠨᠢ ᠪᠠᠴᠢᠮ ᠶᠠᠭᠠᠷᠠᠣ ᠪᠦᠭᠡᠳ ᠡᠮᠬᠢ ᠴᠡᠭᠴᠡ ᠲᠠᠢ  ᠪᠠᠶᠢᠵᠦ ᠣᠷᠢᠳᠴᠢᠯᠠᠨ ᠳᠦᠰᠦᠬᠡᠯᠡᠭᠰᠡᠨ ᠦᠷ᠎ᠡ ᠪᠦᠳᠦᠮᠵᠢ ᠳᠤ ᠪᠠᠨ  ᠬᠦᠷᠦᠭᠰᠡᠨ ᠪᠠᠶᠢᠨ᠎ᠠ᠃ ᠳᠣᠰ ᠣᠳᠠᠭᠠᠨ ᠤ ᠭᠠᠵᠠᠷ ᠬᠦᠳᠡᠯᠦᠯᠲᠠ ᠶᠢ ᠰᠡᠷᠬᠡᠶᠢᠯᠡᠵᠦ ᠪᠠᠴᠢᠮ ᠪᠠᠶᠢᠳᠠᠯ ᠢ ᠠᠷᠭᠠᠴᠠᠬᠤ  ᠰᠣᠷᠢᠯᠲᠠ ᠶᠢᠨ  ᠠᠵᠢᠯᠯᠠᠭ᠎ᠠ   ᠪᠠᠷ ᠳᠠᠮᠵᠢᠭᠠᠳ᠂ ᠪᠠᠭᠰᠢ   ᠠᠵᠢᠯᠳᠠᠨ ᠪᠠ ᠴᠡᠴᠡᠷᠯᠢᠭ ᠤᠨ ᠬᠡᠣᠬᠡᠳ ᠤᠳ ᠤᠨ ᠭᠠᠵᠠᠷ ᠬᠦᠳᠡᠯᠦᠯᠲᠠ ᠶᠢ ᠰᠡᠷᠬᠡᠶᠢᠯᠡᠬᠦ  ᠳᠣᠬᠠᠢ ᠠᠮᠣᠷ ᠳᠦᠪᠰᠢᠨ ᠤ ᠣᠬᠠᠮᠰᠠᠷ ᠪᠠ ᠦᠪᠡᠷ ᠢ ᠪᠠᠨ ᠬᠠᠮᠠᠭᠠᠯᠠᠬᠤ ᠣᠬᠠᠮᠰᠠᠷ ᠨᠢ ᠶᠡᠬᠡᠪᠡᠷ ᠳᠡᠭᠡᠭᠰᠢᠯᠡᠵᠦ᠂ ᠴᠡᠴᠡᠷᠯᠢᠭ ᠤᠨ ᠠᠮᠣᠷ ᠳᠦᠪᠰᠢᠨ   ᠤ ᠬᠦᠮᠦᠵᠢᠯ ᠤᠨ ᠠᠵᠢᠯ ᠢ ᠦᠨᠡᠨᠬᠦ  ᠴᠢᠩᠭᠠᠳᠬᠠᠪᠠ᠃    
 
ᠢᠷᠡᠯᠲᠡ᠄ ᠡᠷᠢᠶᠡᠨ ᠬᠤᠲᠠ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号