| | | | | | ᠦᠵᠡᠬᠡᠳ ᠦᠩᠬᠡᠷᠡᠬᠦ ᠠᠮᠢᠳᠣᠷᠠᠯ ᠢ ᠮᠦᠩᠬᠡ ᠶᠢᠨ ᠶᠤᠮ ᠰᠢᠭ ᠪᠣᠳᠣᠵᠦ | ᠦᠳᠡᠯᠡᠬᠡᠳ ᠪᠣᠴᠠᠬᠤ ᠬᠤᠷᠸ᠎ᠠ ᠶᠢ ᠡᠬᠦᠷᠢᠳᠠ ᠶᠢᠨ ᠶᠤᠮ ᠰᠢᠭ ᠰᠡᠳᠬᠢᠵᠦ | ᠵᠠᠯᠠᠭᠤ᠂ ᠢᠳᠡᠷ ᠨᠠᠰᠣ ᠪᠠᠨ ᠬᠦᠭᠰᠢᠷᠡᠬᠦ ᠦᠬᠡᠢ ᠶᠤᠮ ᠰᠢᠭ ᠰᠠᠨᠠᠵᠦ | ᠽᠠᠮᠪᠣᠳᠢᠪ ᠤᠨ ᠡᠯᠢᠬᠡᠨ ᠳᠡᠭᠡᠷ᠎ᠡ ᠳᠣᠶᠢᠯᠠᠵᠦ ᠶᠠᠪᠣᠭ᠎ᠠ ᠳᠡᠬᠦᠣ ᠮᠢᠨᠢ︕ | ᠦᠩᠬᠡ ᠠᠯᠠᠭ ᠡᠨᠡ ᠬᠤᠷᠸ᠎ᠠ ᠳᠡᠭᠡᠷ᠎ᠡ | ᠦᠪᠡᠷ ᠤᠨ ᠰᠠᠶᠢᠨ ᠳᠤ ᠪᠠᠨ ᠴᠢ ᠳᠦᠷᠦᠬᠡ ᠦᠭᠡᠢ︕ | ᠡᠳᠦᠷ ᠡᠳᠦᠷ ᠤᠨ ᠨᠠᠷᠠ ᠶᠢ ᠦᠵᠡᠵᠦ᠂ ᠳᠡᠭᠷᠢ ᠶᠢ ᠬᠠᠷᠠᠬᠤ | ᠦᠨᠳᠣᠷ ᠶᠡᠭᠡ ᠳᠠᠪᠢᠯᠠᠩ ᠬᠠᠶᠢᠷᠠᠯᠠᠭᠰᠠᠨ ᠠᠪᠤ᠂ ᠡᠵᠢ ᠳᠤ ᠪᠠᠨ ᠪᠠᠶᠠᠷᠯᠠ︕ | ᠦᠳᠡᠰᠢ ᠶᠢᠨ ᠴᠩᠬᠡᠬᠦᠨ ᠤ ᠭᠠᠵᠠᠷ ᠰᠣᠭᠳᠣᠭᠤ ᠶᠤᠮ ᠰᠢᠭ ᠳᠠᠷᠪᠢᠵᠦ | ᠦᠶ᠎ᠡ ᠶᠢᠨ ᠬᠤᠩᠭᠤᠷ ᠪᠦᠰᠡᠬᠦᠢ ᠲᠠᠢ ᠮᠠᠩᠰᠢᠭᠤᠷᠠᠨ ᠴᠡᠩᠬᠡᠵᠦ ᠶᠠᠪᠣᠬᠤ ᠳᠤ | ᠨᠠᠰᠣᠨ ᠪᠣᠭᠤᠷᠣᠯ ᠡᠵᠢ ᠴᠢᠨᠢ ᠦᠨᠢᠶᠡᠨ ᠤ ᠳᠡᠯᠡᠩ ᠰᠢᠪᠳᠣᠷᠠᠵᠦ | ᠨᠠᠮᠣᠷ ᠤᠨ ᠬᠦᠢᠳᠡᠨ ᠰᠦᠨᠢ ᠵᠠᠯᠠᠨ ᠳᠡᠭᠡᠷ᠎ᠡ ᠵᠢᠬᠡᠬᠦᠴᠡᠵᠦ ᠰᠠᠭᠤᠭ᠎ᠠ︕ | ᠠᠮᠳᠠᠳᠦ ᠪᠢᠰᠢᠯᠠᠭ᠂ ᠬᠤᠷᠣᠭᠤ ᠵᠣᠵᠠᠭᠠᠨ ᠦᠷᠦᠮ᠎ᠡ ᠶᠢ | ᠠᠮᠢᠬᠠᠨ ᠳᠤ ᠪᠠᠨ ᠴᠢᠮ᠎ᠠ ᠳᠤ ᠯᠡ ᠬᠠᠳᠠᠭᠠᠯᠠᠬᠤ᠂ ᠵᠠᠮ ᠤᠨ ᠣᠨᠤᠭ᠎ᠠ ᠬᠦᠯᠢᠶᠡᠨ᠎ᠡ | ᠦᠷᠢ ᠠᠪᠣᠯᠭ᠎ᠠ ᠨᠠᠬᠡᠬᠦ ᠦᠬᠡᠢ ᠡᠬᠡ ᠶᠢᠨ ᠰᠡᠳᠬᠢᠯ ᠢ ᠬᠡᠣᠬᠡᠨ ᠨᠦᠭᠦᠳ ᠣᠷᠣᠯᠠᠬᠤ ᠦᠬᠡᠢ ᠡ | ᠡᠪᠣᠯ ᠪᠣᠯᠬᠤ ᠠᠴᠠ ᠣᠷᠢᠳᠠᠵᠦ ᠡᠵᠢ ᠳᠤ ᠪᠠᠨ ᠨᠢᠭᠡ ᠣᠴᠢᠭᠠᠷᠠᠢ︕ | ᠡᠬᠡᠮ ᠤᠨ ᠴᠢᠨᠢ ᠶᠠᠰᠦ ᠬᠤᠭᠤᠷᠠᠬᠤ ᠳᠤ ᠠᠪᠤ ᠶᠢᠨ ᠳᠠᠨᠢ ᠴᠡᠬᠡᠵᠢ ᠡᠪᠡᠳᠴᠦ | ᠡᠳᠡᠭᠡᠷᠡᠳᠡᠯᠡ ᠨᠢ ᠠᠳᠠᠯᠢᠬᠠᠨ ᠰᠢᠷᠬ᠎ᠠ ᠲᠠᠢ ᠶᠠᠪᠣᠳᠠᠭ ᠰᠢᠣ | ᠰᠢᠷᠬᠡᠭ ᠰᠢᠷᠬᠡᠭ ᠢᠶᠠᠷ ᠴᠠᠶᠢᠭᠰᠠᠨ ᠦᠰᠦ ᠨᠢ ᠴᠢᠮ᠎ᠠ ᠶᠢ ᠬᠦᠯᠢᠶᠡᠭᠰᠡᠨ ᠬᠤᠨᠤᠭ ᠤᠳ ᠤᠨ ᠳᠤᠭ᠎ᠠ | ᠰᠢᠨ᠎ᠡ ᠴᠠᠰᠣᠨ ᠠᠴᠠ ᠣᠷᠢᠳᠠᠵᠦ ᠠᠪᠤ ᠳᠤ ᠪᠠᠨ ᠨᠢᠭᠡ ᠣᠴᠢᠭᠠᠷᠠᠢ︕ | ᠡᠪᠣᠯ ᠤᠨ ᠰᠦᠨᠢ ᠳᠠᠯ᠎ᠠ ᠳᠤ ᠶᠠᠪᠣᠭ᠎ᠠ ᠠᠪᠤ ᠶᠢ ᠪᠠᠨ ᠦᠶ᠎ᠡ ᠦᠶ᠎ᠡ ᠰᠠᠨᠠᠭᠠᠷᠠᠢ᠂ | ᠦᠪᠡᠷ ᠢᠶᠠᠨ ᠴᠢ ᠳᠣᠯᠠᠭᠠᠨ ᠬᠦᠨᠵᠢᠯᠡ ᠳᠤ ᠬᠡᠪᠳᠡᠵᠦ ᠪᠣᠢ ᠳᠤ ᠪᠠᠨ ᠬᠡᠮᠰᠢᠬᠡᠷᠡᠢ︕ | ᠵᠠᠭᠤᠨ ᠣᠯᠠᠨ ᠬᠤᠨᠤᠭ ᠬᠦᠳᠡᠯᠵᠦ᠂ ᠣᠯᠵᠦ ᠬᠤᠷᠢᠶᠠᠭᠰᠠᠨ ᠪᠦᠬᠦᠨ ᠢᠶᠠᠨ | ᠵᠠᠷᠣᠵᠦ ᠦᠷᠡᠵᠦ ᠪᠦᠬᠡᠮ ᠪᠦᠬᠡᠮ ᠢᠶᠠᠷ ᠨᠢ ᠴᠢᠮ᠎ᠠ ᠳᠤ ᠯᠠ ᠬᠠᠷᠠᠮ ᠦᠬᠡᠢ ᠢᠯᠡᠬᠡᠬᠦ ᠶᠤᠮ᠂ | ᠵᠣᠭᠤᠭ ᠤᠨ ᠭᠠᠵᠠᠷ ᠴᠢ ᠳᠡᠬᠦᠨ ᠢ ᠨᠢ ᠰᠢᠷ᠎ᠡ ᠠᠶᠢᠷᠠᠭ ᠪᠣᠯᠭᠠᠵᠦ | ᠵᠣᠪᠠᠵᠦ ᠠᠮᠢᠳᠣᠷᠠᠭᠰᠠᠨ ᠡᠴᠢᠬᠡ ᠶᠢᠨ ᠢᠶᠠᠨ ᠬᠦᠯᠦᠰᠦ ᠶᠢ ᠣᠣᠭᠤᠬᠤ ᠬᠡᠷᠡᠭ ᠦᠭᠡᠢ︕ | ᠠᠳᠠ ᠴᠢ ᠪᠣᠷᠣᠭᠤᠳᠠᠵᠦ ᠶᠠᠪᠣᠬᠤ ᠳᠤ ᠡᠴᠢᠬᠡ ᠶᠢᠨ ᠴᠢᠨᠢ ᠨᠠᠷ᠎ᠡ ᠳᠣᠷᠬᠢᠨᠡ | ᠡᠷᠳᠡᠨᠢᠳᠦ ᠪᠣᠭᠤᠷᠣᠯ ᠢᠶᠠᠨ ᠬᠠᠶᠢᠷᠠᠯᠠᠭᠠ ᠦᠭᠡᠢ ᠪᠣᠯ᠂ ᠡᠬᠡ ᠣᠷᠣᠨ ᠢᠶᠠᠨ ᠬᠠᠶᠢᠷᠠᠯᠠᠬᠤ ᠴᠦ ᠶᠠᠭᠤ ᠯᠡ ᠪᠣᠯ︕ | ᠠᠮᠢᠳᠣᠷᠠᠯ ᠳᠣᠷᠰᠢᠳᠠ ᠪᠠᠨ ᠬᠠᠶᠢᠷᠠᠯᠠᠵᠦ ᠶᠠᠪᠣᠬᠤ ᠠᠪᠤ ᠬᠡᠳᠡᠭ ᠬᠦᠮᠦᠨ | ᠠᠯᠳᠠᠨ ᠨᠠᠷᠠ ᠰᠢᠭ ᠭᠠᠭᠴᠠᠬᠠᠨ ᠶᠤᠮ ᠰᠢᠣ︕ | ᠦᠷ᠎ᠡ ᠬᠡᠣᠬᠡᠳ ᠳᠦᠷᠦᠯᠡ ᠬᠡᠵᠦ ᠪᠠᠶᠠᠷᠯᠠᠨ ᠶᠠᠪᠣᠬᠤ ᠴᠠᠭ ᠲᠤ ᠪᠠᠨ | ᠦᠰᠦ ᠨᠢ ᠪᠣᠭᠤᠷᠣᠯ ᠦᠳᠡᠬᠦᠰ ᠢ ᠬᠠᠮᠢᠭ᠎ᠠ ᠨᠢᠭᠡᠳᠡᠭᠡ ᠨᠣᠳᠣᠭᠯᠠᠭᠤᠯᠵᠦ ᠪᠣᠢ ᠶᠢ ᠰᠠᠨᠠᠭᠠᠷᠠᠢ︕ | ᠬᠤᠨᠤᠭ ᠡᠳᠦᠷ ᠤᠳ ᠤᠨ ᠵᠢᠷᠭᠠᠯ ᠲᠠᠢ ᠦᠶ᠎ᠡ ᠳᠤ ᠪᠠᠨ ᠴᠦ᠂ ᠳᠡᠬᠦᠣ ᠮᠢᠨᠢ | ᠬᠤᠷᠸ᠎ᠠ ᠶᠢᠨ ᠶᠠᠭᠤᠮ᠎ᠠ ᠪᠦᠬᠦᠨ ᠳᠤ ᠡᠴᠦᠰ ᠪᠣᠢ ᠶᠢ ᠰᠠᠨᠠᠭᠠᠷᠠᠢ︕ | ᠣᠷᠴᠢᠯᠠᠩ ᠤᠨ ᠱᠣᠣᠬᠢᠶᠠᠨ᠂ ᠠᠮᠢᠳᠠᠨ ᠬᠦᠮᠦᠨ ᠤ ᠬᠡᠯᠡ ᠠᠮᠠ᠂ | ᠣᠷᠣᠨ ᠬᠤᠲᠠ ᠶᠢᠨ ᠣᠳᠤᠭ᠎ᠠ ᠣᠨᠢᠶᠠᠷ ᠠᠴᠠ ᠬᠤᠯᠠᠳᠠᠵᠦ | ᠠᠶᠠᠨ ᠵᠠᠮ ᠤᠨ ᠳᠣᠭᠤᠰᠦ ᠪᠠᠨ ᠬᠦᠪᠢᠬᠡᠳ | ᠠᠪᠤ ᠶᠢᠨ ᠢᠶᠠᠨ ᠬᠡᠷ ᠤᠨ ᠪᠣᠱᠤᠭ᠎ᠠ ᠶᠢ ᠠᠯᠬᠤᠵᠦ ᠨᠢᠭᠡ ᠦᠵᠡᠬᠡᠷᠡᠢ︕ | ᠡᠷᠬᠢᠨᠡᠭ ᠤᠨ ᠳᠡᠨᠳᠠ ᠠᠴᠠ ᠬᠤᠪᠢᠩ ᠰᠠᠪᠠ ᠬᠠᠩᠬᠢᠨᠠᠭᠤᠯᠵᠦ | ᠡᠵᠢ ᠴᠢᠨᠢ ︽ ᠬᠦᠣ ᠮᠢᠨᠢ︾ ᠬᠡᠭᠰᠡᠬᠡᠷ ᠪᠣᠰᠴᠦ ᠢᠷᠡᠨ᠎ᠡ᠃ | ᠠᠮᠠᠰᠠᠷ ᠳᠦᠬᠦᠷᠡᠩ ᠴᠠᠢ ᠲᠠᠢ ᠭᠠᠩᠭᠠᠷ ᠱᠠᠭᠠᠵᠠᠩ ᠢ ᠪᠠᠨ ᠠᠯᠳᠠᠵᠦ | ᠠᠵᠠᠢ ᠪᠣᠭᠤᠷᠣᠯ ᠬᠦᠭᠰᠢᠨ ᠶᠠᠭᠠᠬᠢᠬᠤ ᠪᠠᠨ ᠮᠡᠳᠡᠬᠦ ᠦᠭᠡᠢ ᠰᠠᠨᠳᠣᠴᠢᠨᠠ᠃ | ᠠᠪᠤ ᠴᠢᠨᠢ ᠬᠡᠷ ᠤᠨ ᠬᠤᠶᠢᠮᠣᠷ ᠲᠤ ᠠᠯᠳᠠᠢ ᠶᠢᠨ ᠠᠭᠤᠯᠠ ᠰᠢᠭ ᠬᠠᠩᠬᠠᠶᠢᠵᠦ | ᠠᠯᠢᠪᠠ ᠨᠢᠭᠡᠨ ᠳᠤ ᠪᠠᠷᠢᠴᠠ ᠠᠯᠳᠠᠬᠤ ᠦᠭᠡᠢ ᠠᠭᠤᠵᠢᠭᠤ ᠳᠠᠶᠢᠪᠣᠩ ᠰᠠᠭᠤᠨ᠎ᠠ᠃ | ᠮᠠᠨᠠᠨ ᠨᠡᠪᠳᠡᠯᠬᠦ ᠣᠳᠦ ᠰᠢᠭ᠋ ᠨᠢᠳᠦ ᠨᠢ ᠬᠢᠯᠠᠯᠵᠠᠵᠦ | ᠮᠠᠯᠠᠭᠠᠢ ᠶᠢ ᠪᠠᠨ ᠡᠮᠣᠰᠴᠦ᠂ ᠨᠢᠳᠣᠷᠭ᠎ᠠ ᠪᠠᠨ ᠵᠠᠰᠠᠵᠦ᠂ ᠢᠷᠡᠵᠦ ᠦᠨᠦᠰᠦᠬᠦᠯᠬᠦ ᠶᠢ ᠴᠢᠨᠢ ᠬᠦᠯᠢᠶᠡᠨ᠎ᠡ᠃ | ᠳᠦᠷᠦᠭᠰᠡᠨ ᠬᠡᠷ ᠴᠢᠨᠢ ᠳᠣᠯᠠᠭᠠᠬᠠᠨ᠂ ᠭᠠᠯ ᠤᠨ ᠢᠯᠴᠢᠨ ᠳᠤ ᠴᠢ ᠨᠣᠵᠣᠭᠠᠷᠠᠵᠦ | ᠳᠡᠬᠦᠯᠳᠡᠷ ᠣᠷᠴᠢᠯᠠᠩ ᠤᠨ ᠳ᠋ᠧᠪᠡᠵᠠᠨ ᠡᠴᠢᠬᠡ ᠶᠢᠨ ᠬᠡᠷ ᠪᠣᠯᠬᠤ ᠶᠢ ᠴᠢ ᠮᠡᠳᠡᠷᠡᠨ᠎ᠡ᠃ | ᠮᠣᠷᠢᠳ ᠦᠣᠷᠰᠡᠬᠦ ᠬᠡᠬᠡᠷ᠎ᠡ ᠳᠠᠯ᠎ᠠ ᠳᠤ ᠪᠠᠨ ᠠᠷᠭᠠᠯ ᠤᠨ ᠣᠳᠤᠭ᠎ᠠ ᠦᠨᠦᠷᠯᠡᠵᠦ | ᠮᠣᠳᠣᠨ ᠳᠠᠭᠱᠠ ᠲᠠᠢ ᠦᠷᠦᠮ᠎ᠡ ᠢᠳᠡᠵᠦ᠂ ᠡᠵᠢ ᠶᠢᠨ ᠢᠶᠠᠨ ᠭᠠᠷ ᠠᠴᠠ ᠴᠠᠢ ᠣᠣᠭᠤᠨ᠎ᠠ᠂ | ᠳᠠᠩᠰᠤᠭ ᠰᠠᠶᠢᠬᠠᠨ ᠢ ᠨᠢ ᠪᠢᠰᠢᠷᠡᠨ ᠣᠷᠴᠢᠯᠠᠩ ᠶᠢᠷᠳᠢᠨᠴᠦ ᠪᠠᠷ ᠬᠡᠷᠦᠨ ᠶᠠᠪᠣᠯ᠎ᠠ ᠴᠦ | ᠳᠠᠯ᠎ᠠ ᠨᠣᠳᠤᠭ ᠲᠤ ᠨᠠᠷᠠᠨ ᠮᠠᠨᠳᠣᠵᠦ᠂ ᠬᠡᠷ ᠤᠨ ᠴᠡᠩᠬᠡᠷ ᠣᠳᠤᠭ᠎ᠠ ᠰᠣᠭᠤᠨᠠᠭᠯᠠᠵᠦ | ᠬᠤᠶᠢᠯᠠᠷᠠᠨ ᠳᠠᠪᠬᠢᠬᠤ ᠵᠡᠬᠡᠷ᠎ᠡ ᠶᠢᠨ ᠰᠦᠷᠦᠭ ᠳᠣᠯᠣᠭᠠᠳ ᠳᠠᠮᠵᠢᠬᠤ ᠠᠴᠠ ᠢᠯᠡᠬᠦᠣ ᠰᠠᠶᠢᠬᠠᠨ ᠢ | ᠬᠤᠷᠮᠣᠰᠳᠠ ᠶᠢᠨ ᠳᠣᠣᠷ᠎ᠠ ᠦᠵᠡᠭᠡ ᠦᠭᠡᠢ ᠪᠠᠨ ᠮᠡᠳᠡᠷᠡᠨ᠎ᠡ ᠴᠢ᠂᠂᠂᠂ | ︽ ᠮᠣᠳ᠋︾ ᠬᠦᠭᠡᠭᠡᠭᠰᠡᠨ ᠬᠤᠲᠠ ᠶᠢᠨ ᠭᠠᠩᠭᠠᠩ ᠬᠡᠣᠬᠡᠨ ᠠᠴᠠ ᠢᠯᠡᠬᠦᠣ ᠪᠠᠷ ᠴᠢ | ᠮᠣᠩᠭᠤᠯ ᠳᠡᠪᠡᠯ ᠲᠠᠢ ᠬᠦᠳᠡᠭᠡ ᠶᠢᠨ ᠪᠣᠷᠦ ᠪᠦᠰᠡᠬᠦᠢ ᠶᠢ ᠬᠠᠶᠢᠷᠠᠯᠠᠨ᠎ᠠ᠂ | ᠡᠪᠣᠬᠡᠨ ᠬᠤᠷᠸ᠎ᠠ ᠳᠤ ᠵᠠᠭᠤᠨ ᠵᠢᠯ ᠠᠮᠢᠳᠣᠷᠠᠬᠤ ᠦᠭᠡᠢ ᠬᠤᠭᠰᠢᠯ ᠬᠤᠷᠢᠶᠠᠭᠴᠢ ᠠᠴᠠ | ᠡᠪᠣᠯ ᠤᠨ ᠰᠦᠨᠢ ᠮᠣᠳᠣᠳ ᠢ ᠦᠷᠦᠪᠳᠦᠳᠡᠭ ᠠᠪᠤ ᠶᠢ ᠪᠠᠨ ᠢᠯᠡᠬᠦᠣ ᠣᠶᠢᠯᠠᠭᠠᠨ᠎ᠠ ᠴᠢ︕ | ᠬᠠᠷᠢ ᠬᠤᠯᠠ ᠶᠢᠨ ᠱᠣᠣᠬᠢᠶᠠᠨᠳᠦ ᠬᠤᠲᠠ᠂ ᠨᠧᠶᠣᠨ ᠤ ᠬᠡᠷᠡᠯ᠂ ᠮᠠᠰᠢᠨ ᠤ ᠴᠢᠮᠡᠭᠡ ᠠᠴᠠ ᠢᠯᠡᠬᠦᠣ | ᠬᠠᠷᠭᠤᠢ ᠵᠠᠮ᠂ ᠪᠣᠯᠠᠭ ᠱᠠᠩᠳᠦ᠂ ᠬᠤᠲᠠ ᠲᠠᠢ ᠬᠤᠨᠢ ᠪᠠᠨ ᠢᠯᠡᠬᠦᠣ ᠣᠶᠢᠯᠠᠭᠠᠨ᠎ᠠ ᠴᠢ᠂ | ᠣᠬᠠᠭᠠᠨ ᠪᠠᠯᠠᠷᠳᠣᠮᠠ ᠳᠠᠴᠢᠬᠢᠨᠠᠭᠰᠠᠨ ᠡᠸ᠋ᠰᠳ᠋ᠷᠡᠳ᠋ ᠬᠦᠭᠵᠢᠮ ᠤᠨ ᠴᠢᠮᠡᠬᠡᠨ ᠠᠴᠠ ᠢᠯᠡᠬᠦᠣ | ᠣᠴᠢᠷᠯᠠᠵᠦ ᠠᠷᠭᠠᠳᠠᠭᠰᠠᠨ ᠠᠷᠠᠳ ᠤᠨ ᠳᠠᠭᠤᠨ ᠳᠤ ᠪᠠᠨ ᠳᠠᠰᠣᠨᠠ ᠴᠢ᠃ | ᠳᠡᠬᠡᠳᠦ ᠶᠢᠨ ᠨᠣᠮ ᠲᠠᠢ ᠮᠡᠷᠭᠡᠳ ᠢ ᠡᠷᠢᠵᠦ ᠳᠡᠯᠡᠬᠡᠢ ᠪᠠᠨ ᠳᠡᠨᠦᠬᠦ ᠬᠡᠷᠡᠭ ᠦᠭᠡᠢ | ᠳᠡᠷᠬᠡᠳᠠ ᠪᠠᠨ ᠪᠠᠶᠢᠭ᠎ᠠ ᠰᠣᠣᠳᠦ ᠣᠬᠠᠭᠠᠨᠳᠠᠨ ᠢ ᠳᠡᠩᠳᠡᠬᠦᠣ ᠣᠶᠢᠰᠢᠶᠠᠯ ᠦᠭᠡᠢ ᠶᠠᠪᠣᠭᠰᠠᠨ ᠢᠶᠠᠨ ᠪᠣᠳᠦ︕ | ᠠᠷᠢᠭᠤᠨ ᠦᠨᠡᠨ᠂ ᠵᠣᠪᠠᠯᠠᠩ ᠪᠡᠷᠭᠡ᠂ ᠬᠠᠶᠢᠷ᠎ᠠ ᠣᠬᠠᠭᠠᠨ ᠤ | ᠠᠮᠢᠨ ᠭᠤᠣᠯ ᠳᠤ ᠨᠡᠪᠳᠡᠷᠡᠭᠰᠡᠨ ᠮᠡᠷᠭᠡᠳ | ᠠᠪᠤ᠂ ᠡᠵᠢ ᠬᠤᠶᠠᠷ ᠴᠢᠨᠢ ᠶᠤᠮ ᠰᠢᠣ︕ | ᠠᠮᠢᠳᠣᠷᠠᠯ ᠳᠡᠳᠡᠨ ᠢ ᠬᠦᠨ ᠣᠬᠠᠭᠠᠨ ᠳᠤ ᠰᠣᠷᠭᠠᠵᠦ | ᠠᠳᠠᠭ ᠤᠨ ᠮᠠᠭᠤ ᠠᠮᠢᠳᠠᠨ ᠢ ᠴᠦ ᠦᠷᠦᠰᠢᠶᠡᠬᠦ ᠠᠤᠭ᠎ᠠ ᠶᠡᠭᠡ ᠰᠡᠳᠬᠢᠯ ᠲᠠᠢ ᠪᠣᠯᠭᠠᠵᠠᠢ᠃ | ᠠᠴᠢᠳᠦ ᠡᠵᠢ ᠲᠠᠢ ᠪᠠᠨ ᠠᠯᠴᠢᠭᠤᠷ ᠠᠪᠠᠴᠢᠬᠤ ᠬᠡᠷᠡᠭ ᠦᠭᠡᠢ | ᠠᠪᠤ ᠳᠤ ᠪᠠᠨ ᠰᠢᠯ ᠶᠠᠭᠤᠮ᠎ᠠ ᠦᠭᠬᠦ ᠬᠡᠷᠡᠭ ᠦᠭᠡᠢ᠂ | ᠠᠶᠢᠯ ᠤᠨ ᠬᠡᠣᠬᠡᠳ ᠬᠠᠭᠤᠷᠠᠬᠤ ᠬᠡᠳᠦᠨ ᠰᠢᠬᠢᠷ ᠴᠦ ᠬᠡᠷᠡᠭ ᠦᠭᠡᠢ | ᠠᠯᠢ ᠠᠯᠢᠨ ᠢᠶᠠᠷ ᠨᠢ ᠳᠡᠳᠠ ᠳᠣᠳᠠᠭᠠ ᠦᠭᠡᠢ︕ | ᠡᠷᠳᠡ ᠴᠠᠭ ᠲᠤ ᠬᠡᠷ ᠠᠴᠠ ᠪᠠᠨ ᠭᠠᠷᠣᠭᠰᠠᠨ ︽ ᠦᠪᠡᠷ ᠢ ᠪᠠᠨ︾ ᠯᠡ | ᠡᠵᠢ᠂ ᠠᠪᠤ ᠬᠤᠶᠠᠷ ᠲᠤ ᠪᠠᠨ ᠬᠦᠷᠬᠡᠵᠦ ᠦᠭ︕ | ᠡᠷ᠎ᠡ ᠶᠢᠨ ᠴᠡᠬᠡᠯ ᠳᠤ ᠬᠦᠷᠦᠭᠰᠡᠨ ᠴᠢᠮ᠎ᠠ ᠶᠢ ᠬᠠᠷᠠᠬᠤ ᠠᠴᠠ ᠢᠯᠡᠬᠦᠣ | ᠡᠷᠬᠢᠮ ᠪᠡᠯᠡᠭ ᠬᠦᠭᠰᠢᠴᠣᠣᠯ ᠳᠤ ᠦᠬᠡᠢ ᠡ︕ | ᠣᠴᠢᠷ ᠮᠡᠳᠡᠬᠦ ᠦᠭᠡᠢ ᠨᠢᠯᠬ᠎ᠠ ᠪᠠᠭ᠎ᠠ ᠳᠤ ᠪᠠᠨ ᠴᠦ | ᠣᠬᠠᠭᠠᠨ ᠰᠠᠭᠤᠭᠰᠠᠨ ᠢᠳᠡᠷ ᠨᠠᠰᠣᠨ ᠳᠤ ᠪᠠᠨ ᠴᠦ | ᠠᠭᠤᠯᠠ ᠣᠪᠣᠭ᠎ᠠ ᠰᠢᠭ᠋ ᠯᠡ ᠶᠠᠭᠤᠮ᠎ᠠ ᠶᠢ ᠠᠬ᠎ᠠ ᠨᠢ | ᠣᠯᠣᠰ ᠠᠮᠢᠳᠠᠨ ᠳᠤ ᠠᠮᠠᠯᠠᠵᠦ ᠶᠠᠪᠣᠯ᠎ᠠ᠂ | ᠠᠰᠠᠷᠠᠵᠦ ᠳᠡᠳᠬᠦᠭᠰᠡᠨ ᠡᠵᠢ ᠠᠪᠤ ᠶᠢᠨ ᠢᠶᠠᠨ | ᠠᠴᠢ ᠶᠢ ᠨᠢᠭᠡᠮᠣᠰᠦᠨ ᠬᠠᠷᠢᠭᠤᠯᠵᠦ | ᠠᠮᠳᠠᠳᠦ ᠶᠢ ᠢᠳᠡᠬᠦᠯᠵᠦ᠂ ᠦᠩᠬᠡᠳᠦ ᠶᠢ ᠡᠮᠣᠰᠬᠡᠵᠦ | ᠠᠯᠳᠠᠨ ᠠᠶᠠᠭᠠᠨ ᠠᠴᠠ ᠣᠰᠦ ᠣᠣᠭᠤᠯᠭᠠᠬᠤ ᠶᠢᠨ ᠳᠠᠶᠢᠳᠠᠢ | ᠠᠨᠳᠠᠭᠤᠷᠠᠵᠦ ᠠᠳᠡᠬᠦᠷᠡᠵᠦ ᠶᠠᠪᠣᠯ᠎ᠠ᠃ | ᠣᠳᠦ ᠯᠡ ᠡᠵᠢ ᠠᠪᠤ ᠶᠢ ᠪᠠᠨ ᠵᠢᠷᠭᠠᠭᠠᠶ᠎ᠠ ᠬᠡᠳᠡᠯ᠎ᠡ | ᠣᠷᠴᠢᠯᠠᠩ ᠤᠨ ᠳᠣᠭᠯᠠᠭᠠᠮ ᠳᠠᠩᠴᠢ ᠬᠠᠳᠠᠭᠤ᠂᠂᠂᠂ | ᠠᠯᠪᠠ ᠠᠵᠢᠯ ᠤᠨ ᠡᠷᠬᠡ ᠪᠠᠷ ᠠᠯᠣᠰ ᠭᠠᠵᠠᠷ ᠣᠳᠣᠭᠠᠳ | ᠠᠶᠠᠨ ᠵᠠᠮ ᠢ ᠬᠤᠷᠢᠶᠠᠭᠰᠠᠭᠠᠷ ᠶᠠᠭᠠᠷᠠᠨ ᠶᠠᠭᠠᠷᠠᠭᠰᠠᠭᠠᠷ ᠢᠷᠡᠬᠦ ᠳᠤ | ᠠᠪᠤ ᠮᠢᠨᠢ ᠡᠨᠡ ᠬᠤᠷᠸ᠎ᠠ ᠠᠴᠠ ᠶᠠᠪᠣᠴᠢᠬᠠᠭᠰᠠᠨ ᠪᠠᠶᠢᠯ᠎ᠠ | ︽ ᠬᠦᠦ ᠲᠠᠢ ᠪᠠᠨ ᠯᠡ ᠨᠢᠭᠡ ᠠᠭᠤᠯᠵᠠᠮᠠᠷ ᠪᠠᠶᠢᠨ᠎ᠠ ᠳ᠋ᠠ︾ ᠬᠡᠵᠦ ᠡᠵᠢ ᠳᠤ ᠮᠢᠨᠢ ᠬᠡᠯᠡᠭᠰᠡᠨ ᠬᠡᠳᠡᠭ | ᠬᠦᠰᠡᠯ ᠤᠨ ᠰᠡᠬᠦᠯᠴᠢ ᠨᠢ ᠭᠠᠭᠴᠠᠬᠠᠨ ᠡᠨᠡ ᠯᠡ ᠪᠠᠶᠢᠭᠰᠠᠨ ᠶᠣᠮ ᠰᠢᠣ᠂ | ᠴᠢ ᠵᠢᠮᠠᠯᠠᠯ ᠬᠦᠯᠢᠶᠡᠵᠦ ᠵᠡᠷᠭᠡ ᠶᠢᠨ ᠨᠦᠬᠦᠳ ᠲᠤ ᠪᠠᠨ ᠦᠷᠬᠢᠭ᠌ᠳᠠᠵᠦ ᠪᠣᠯᠣᠨ᠎ᠠ | ᠴᠢ ᠵᠡᠭᠡᠷ᠎ᠡ ᠶᠢᠨ ᠢᠵᠵᠠᠭᠠ ᠰᠢᠭ ᠬᠦᠬᠡᠷᠦᠬᠦᠨ ᠪᠦᠰᠡᠬᠦᠢ ᠳᠤ ᠪᠠᠨ ᠬᠠᠶᠠᠭᠳᠠᠵᠦ ᠪᠣᠯᠣᠨ᠎ᠠ᠂ | ᠬᠠᠷᠢᠨ ᠠᠪᠤ᠂ ᠡᠵᠢ ᠴᠢᠨᠢ ᠰᠠᠷᠠᠬᠦᠨ ᠳᠣᠩᠭᠠᠯᠠᠭ ᠪᠠᠶᠢᠵᠦ | ᠬᠠᠷᠢᠵᠦ ᠢᠷᠡᠬᠦ ᠶᠢ ᠴᠢᠨᠢ ᠬᠦᠯᠢᠶᠡᠬᠦ ᠠᠴᠠ ᠢᠯᠡᠬᠦᠣ ᠵᠢᠷᠭᠠᠯ ᠢ | ᠬᠠᠮᠤᠭ ᠣᠷᠴᠢᠯᠠᠩ ᠠᠴᠠ ᠬᠠᠶᠢᠵᠦ ᠡᠷᠢᠪᠡᠴᠦ ᠣᠯᠬᠤ ᠦᠭᠡᠢ᠂᠂᠂᠂ | ᠠᠯᠳᠠᠭ᠎ᠠ ᠶᠢ ᠮᠢᠨᠢ ᠲᠠ ᠨᠠᠷ ᠪᠣᠦ ᠳᠠᠪᠳᠠᠵᠠᠭᠠ︕ | ᠠᠪᠤ᠂ ᠡᠵᠢ ᠶᠢ ᠪᠠᠨ ᠠᠮᠢᠳᠦ ᠳᠤ ᠨᠢ ᠠᠮᠵᠢᠵᠦ ᠪᠠᠶᠠᠷᠯᠠᠭᠤᠯᠴᠠᠭᠠ︕ | ᠠᠯᠳᠠᠨ ᠳᠡᠯᠡᠬᠡᠢ ᠳᠤ ᠡᠬᠦᠨ ᠠᠴᠠ ᠢᠯᠡᠬᠦᠣ ᠭᠠᠪᠢᠶ᠎ᠠ ᠶᠢ ᠠᠬ᠎ᠠ ᠨᠢ ᠮᠡᠳᠡᠬᠦ ᠦᠭᠡᠢ ᠡ | ᠦᠵᠡᠬᠡᠳ ᠦᠩᠬᠡᠷᠡᠬᠦ ᠠᠮᠢᠳᠣᠷᠠᠯ ᠢ ᠮᠦᠩᠬᠡ ᠶᠢᠨ ᠶᠤᠮ ᠰᠢᠭ ᠪᠣᠳᠣᠵᠦ | ᠦᠳᠡᠯᠡᠭᠡᠳ ᠪᠣᠴᠠᠬᠤ ᠬᠤᠷᠸ᠎ᠠ ᠶᠢ ᠡᠬᠦᠷᠢᠳᠠ ᠶᠢᠨ ᠶᠤᠮ ᠰᠢᠭ ᠰᠡᠳᠬᠢᠵᠦ᠂ | ᠵᠠᠯᠠᠭᠤ᠂ ᠢᠳᠡᠷ ᠨᠠᠰᠦ ᠪᠠᠨ ᠬᠦᠭᠰᠢᠷᠡᠬᠦ ᠦᠭᠡᠢ ᠶᠣᠮ ᠰᠢᠭ ᠰᠠᠨᠠᠵᠦ | ᠽᠠᠮᠪᠣᠳᠢᠪ ᠤᠨ ᠡᠯᠢᠬᠡᠨ ᠳᠡᠭᠡᠷ᠎ᠡ ᠳᠣᠶᠢᠯᠠᠵᠦ ᠶᠠᠪᠣᠭ᠎ᠠ ᠳᠡᠬᠦᠣ ᠮᠢᠨᠢ︕ | ᠦᠩᠬᠡ ᠠᠯᠠᠭ ᠡᠨᠡ ᠬᠤᠷᠸ᠎ᠠ ᠳᠡᠭᠡᠷ᠎ᠡ | ᠦᠪᠡᠷ ᠤᠨ ᠰᠠᠶᠢᠨ ᠳᠤ ᠪᠠᠨ ᠴᠢ ᠳᠦᠷᠦᠬᠡ ᠦᠭᠡᠢ︕ | ᠡᠳᠦᠷ ᠡᠳᠦᠷ ᠤᠨ ᠨᠠᠷᠠ ᠶᠢ ᠦᠵᠡᠵᠦ᠂ ᠳᠡᠭᠷᠢ ᠶᠢ ᠬᠠᠷᠠᠵᠦ | ᠦᠨᠳᠣᠷ ᠶᠡᠭᠡ ᠳᠠᠪᠢᠯᠠᠩ ᠬᠠᠶᠢᠷᠠᠯᠠᠭᠰᠠᠨ ᠠᠪᠤ᠂ ᠡᠵᠢ ᠳᠤ ᠪᠠᠨ ᠪᠠᠶᠠᠷᠯᠠ︕ |