ᠡᠬᠡ ᠬᠡᠯᠡ ᠪᠠᠨ ᠯᠡ ᠭᠡᠵᠣ ᠢᠷᠡᠯ᠎ᠡ ᠪᠢᠳᠡ
ᠨᠡᠶᠢᠲᠡᠯᠡᠭᠰᠡᠨ ᠴᠠᠭ᠄
2019/1/4
                                                                ᠲᠠᠷᠴᠢᠳ ᠡᠯᠬᠡᠩᠭᠡ        ᠵᠠᠭᠤᠨ ᠨᠠᠰᠣ ᠶᠢ ᠵᠣᠭᠤᠭᠯᠠᠭ᠎ᠠ  ᠠᠷᠠᠳ ᠤᠨ ᠤᠷᠠᠨ ᠵᠣᠬᠢᠶᠠᠯᠴᠢ᠂ ᠬᠥᠳᠡᠯᠮᠣᠷᠢ ᠶᠢᠨ ᠪᠠᠭᠠᠳᠣᠷ ᠡᠷᠬᠢᠮ ᠬᠥᠨᠳᠣᠳᠣ ᠥᠨᠳᠣᠷ ᠨᠠᠰᠣᠳᠠᠨ ᠪᠥᠬᠡ ᠶᠢᠨ ᠪᠠᠭᠠᠰᠣᠳᠣ ᠪᠠᠭᠰᠢᠳᠠᠨ᠂ ᠠᠷᠠᠳ ᠤᠨ ᠤᠷᠠᠨ ᠵᠣᠬᠢᠶᠠᠯᠴᠢ᠂ ᠠᠯᠳᠠᠷᠳᠣ ᠢᠷᠠᠭᠤ ᠨᠠᠶᠢᠷᠠᠭᠴᠢ ᠲᠠᠩᠭᠤᠳ ᠤᠨ ᠭᠠᠯᠰᠠᠩ ᠪᠠᠭᠰᠢᠳᠠᠨ᠂ ᠠᠷᠠᠳ ᠤᠨ ᠤᠷᠠᠨ ᠵᠣᠬᠢᠶᠠᠯᠴᠢ᠂ ᠬᠠᠳᠣᠨ ᠢᠷᠠᠭᠤ ᠨᠠᠶᠢᠷᠠᠭᠴᠢ ᠱᠠᠭᠳᠠᠷ ᠤᠨ ᠲᠣᠯᠮ᠎ᠠ ᠪᠠᠭᠰᠢᠳᠠᠨ᠂ ᠠᠷᠠᠳ ᠤᠨ ᠤᠷᠠᠨ ᠵᠣᠬᠢᠶᠠᠯᠴᠢ᠂ ᠬᠥᠳᠡᠯᠮᠣᠷᠢ ᠶᠢᠨ ᠪᠠᠭᠠᠳᠣᠷ᠂ ᠠᠯᠳᠠᠷᠳᠣ ᠵᠤᠬᠢᠶᠠᠯᠴᠢ᠂ ᠡᠷᠳᠡᠮᠳᠡᠨ ᠯᠣᠳᠣᠨ ᠤᠨ ᠲᠥᠳᠣᠪ ᠪᠠᠭᠰᠢᠳᠠᠨ᠂ ᠠᠷᠠᠳ ᠤᠨ ᠤᠷᠠᠨ ᠵᠣᠬᠢᠶᠠᠯᠴᠢ᠂ ᠠᠯᠳᠠᠷᠳᠣ ᠢᠷᠠᠭᠤ ᠨᠠᠶᠢᠷᠠᠭᠴᠢ ᠫᠣᠩᠰᠤᠭ ᠤᠨ ᠪᠠᠳᠠᠷᠴᠢ ᠪᠠᠭᠰᠢᠳᠠᠨ᠂ ᠠᠷᠠᠳ ᠤᠨ ᠤᠷᠠᠨ ᠵᠣᠬᠢᠶᠠᠯᠴᠢ᠂ ᠠᠯᠳᠠᠷᠳᠤ ᠢᠷᠠᠭᠤ ᠨᠠᠶᠢᠷᠠᠭᠴᠢ ᠳ᠋᠊ · ᠤᠷᠢᠶᠠᠩᠬᠠᠢ ᠪᠠᠭᠰᠢᠳᠠᠨ᠂ ᠠᠯᠳᠠᠷᠳᠣ ᠵᠤᠬᠢᠶᠠᠯᠴᠢ᠂ ᠠᠯᠳᠠᠷᠳᠣ ᠢᠷᠠᠭᠤ ᠨᠠᠶᠢᠷᠠᠭᠴᠢ ᠲᠠᠷᠮ᠎ᠠ ᠶᠢᠨ ᠪᠠᠳᠣᠪᠠᠶᠠᠷ ᠪᠠᠭᠰᠢᠳᠠᠨ᠂ ᠠᠯᠳᠠᠷᠳᠣ ᠵᠣᠬᠢᠶᠠᠯᠴᠢ ᠴᠢᠨ᠎ᠠ ᠶᠢᠨ ᠭᠠᠯᠰᠠᠩ ᠪᠠᠭᠰᠢᠳᠠᠨ᠂ ᠠᠯᠳᠠᠷᠳᠣ ᠵᠤᠬᠢᠶᠠᠯᠴᠢ᠂ ᠢᠷᠠᠭᠤ ᠨᠠᠶᠢᠷᠠᠭᠴᠢ᠂ ᠡᠷᠳᠡᠮᠳᠡᠨ ᠯᠣᠪᠰᠠᠨᠳᠠᠮᠪᠠ ᠶᠢᠨ ᠲᠠᠰᠢᠨᠢᠮ᠎ᠠ ᠪᠠᠭᠰᠢᠳᠠᠨ᠂ ᠠᠷᠠᠳ ᠤᠨ ᠤᠷᠠᠨ ᠵᠣᠬᠢᠶᠠᠯᠴᠢ᠂ ᠠᠯᠳᠠᠷᠳᠣ ᠢᠷᠠᠭᠤ ᠨᠠᠶᠢᠷᠠᠭᠴᠢ ᠲᠥᠢᠩᠬᠢᠷ ᠤᠨ ᠴᠣᠤᠳᠣᠯ ᠪᠠᠭᠰᠢᠳᠠᠨ᠂ ᠠᠷᠠᠳ ᠤᠨ ᠤᠷᠠᠨ ᠵᠣᠬᠢᠶᠠᠯᠴᠢ᠂ ᠠᠯᠳᠠᠷᠳᠣ ᠢᠷᠠᠭᠤ ᠨᠠᠶᠢᠷᠠᠭᠴᠢ ᠪᠠᠪᠣᠤ ᠶᠢᠨ ᡀᠠᠬᠠᠪᠠᠰᠥ᠋ᠷᠣᠩ ᠪᠠᠭᠰᠢᠳᠠᠨ᠂ ᠠᠯᠳᠠᠷᠳᠣ ᠵᠣᠬᠢᠶᠠᠯᠴᠢ ᠪᠠᠯᠵᠣᠤᠷ ᠤᠨ ᠲᠣᠭᠮᠢᠳ ᠪᠠᠭᠰᠢᠳᠠᠨ  ᠵᠡᠷᠭᠡ ᠮᠠᠨ ᠤ ᠮᠣᠩᠭᠤᠯ ᠤᠨ ᠤᠷᠠᠨ ᠵᠣᠬᠢᠶᠠᠯ ᠤᠨ ᠪᠣᠭᠤᠷᠣᠯ ᠤᠷᠭᠢᠯ ᠤᠳ᠂ ᠮᠠᠨ ᠤ ᠮᠣᠩᠭᠤᠯ ᠤᠨ ᠠᠬᠠᠮᠠᠳ᠂ ᠢᠳᠡᠷ᠂ ᠵᠠᠯᠠᠭᠤ ᠪᠥᠬᠦᠶᠢᠯᠡ ᠵᠣᠬᠢᠶᠠᠯᠴᠢ᠂ ᠢᠷᠠᠭᠤ ᠨᠠᠶᠢᠷᠠᠭᠴᠢ᠂ ᠤᠷᠠᠨ ᠪᠥᠳᠣᠭᠡᠯᠴᠢ᠂ ᠪᠥᠬᠦᠶᠢᠯᠡ ᠮᠠᠨ ᠤ ᠮᠣᠩᠭᠤᠯ ᠤᠨ ᠠᠷᠠᠳ ᠲᠥᠮᠡᠨ ᠮᠢᠨᠢ ᠰᠠᠶᠢᠨ ᠪᠠᠶᠢᠵᠠᠭᠠᠵᠣ ᠪᠠᠶᠢᠨ᠎ᠠ ᠤᠤ︖ ᠰᠠᠶᠢᠬᠠᠨ ᠡᠪᠣᠯᠵᠢᠵᠣ ᠪᠠᠶᠢᠨ᠎ᠠ ᠤᠤ︖      ᠥᠨᠣᠳᠣᠷ ︽ᠠᠽᠢᠶ᠎ᠠ ᠶᠢᠨ ᠴᠠᠭᠠᠨ ᠲᠠᠭᠳᠠᠭ᠎ᠠ︾᠂ ᠣᠶᠢᠯᠡᠰ ᠤᠨ ᠰᠠᠶᠢᠬᠠᠨ ᠤᠯᠠᠭᠠᠨᠪᠠᠭᠠᠳᠣᠷ ᠬᠤᠳᠠᠨ᠎ᠠ ᠮᠣᠩᠭᠤᠯ ᠤᠨ ᠵᠣᠬᠢᠶᠠᠯᠴᠢᠳ ᠤᠨ ᠡᠪᠯᠡᠯ ᠮᠡᠨᠳᠣᠯᠡᠭᠰᠡᠨ 90 ᠵᠢᠯ ᠤᠨ ᠤᠢ ᠶᠢ ᠲᠡᠮᠳᠡᠭᠯᠡᠨ ᠲᠣᠷᠠᠰᠬᠠᠵᠣ ᠪᠠᠶᠢᠭ᠎ᠠ ᠡᠨᠡᠬᠦ ᠥᠪᠡᠳᠡᠭᠰᠢ ᠶᠡᠭᠡ ᠴᠢᠭᠤᠯᠭᠠᠨ ᠳᠤ ᠥᠪᠣᠷ ᠠᠴᠠ ᠢᠷᠡᠭᠰᠡᠨ ᠠᠯᠳᠠᠷᠳᠣ ᠵᠤᠬᠢᠶᠠᠯᠴᠢ ᠡᠷᠬᠢᠮᠪᠠᠶᠠᠷ ᠤᠨ ᠪᠥᠷᠢᠨᠳᠡᠭᠦᠰ ᠪᠢᠳᠡ ᠲᠣᠶᠢᠯ ᠤᠨ ᠶᠡᠭᠡ ᠠᠵᠠ ᠵᠠᠪᠰᠢᠶᠠᠨ ᠢᠶᠠᠷ ᠣᠷᠣᠯᠴᠠᠵᠣ ᠪᠠᠶᠢᠭ᠎ᠠ ᠳᠠᠭᠠᠨ ᠲᠣᠩ ᠴᠣ᠋ ᠶᠡᠭᠡ ᠰᠡᠳᠬᠢᠯ ᠲᠣᠭᠳᠣᠯᠣᠩᠭᠤᠢ ᠪᠠᠶᠢᠨ᠎ᠠ᠃      ᠡᠬᠡ ᠬᠡᠯᠡ ᠪᠠᠨ ᠯᠡ ᠭᠡᠵᠣ ᠢᠷᠡᠯ᠎ᠡ ᠪᠢᠳᠡ᠂ ᠴᠣᠬᠤᠮ᠂ ᠡᠬᠡ ᠬᠡᠯᠡᠨ ᠤ ᠮᠢᠨᠢ ᠲᠠᠷᠬᠠᠳ ᠠᠳᠡ ᠪᠠᠶᠢᠨ᠎ᠠ᠃ ᠡᠵᠡᠨᠳᠣ ᠶᠡᠭᠡ ᠭᠥᠷᠣᠨ ᠤ ᠮᠢᠨᠢ ᠢᠯᠴᠢ ᠠᠳᠡ ᠠᠴᠠ ᠨᠢᠯᠴᠢᠬᠢᠨᠡᠵᠣ ᠪᠠᠶᠢᠨ᠎ᠠ  ᠃ ᠡᠩ ᠥᠭᠡᠢ ᠶᠡᠭᠡ ᠮᠣᠩᠭᠤᠯ ᠤᠬᠠᠭᠠᠨ ᠤ ᠡᠨᠧᠷᠭᠢ ᠠᠳᠡ ᠠᠴᠠ ᠲᠠᠶᠠᠩ ᠲᠡᠯᠡᠬᠡᠢ ᠳᠤ ᠰᠠᠴᠣᠭᠳᠠᠵᠣ ᠪᠠᠶᠢᠨ᠎ᠠ᠃      ᠮᠠᠨᠠᠶᠢᠬᠢᠨ ︽ᠴᠠᠰᠣᠳᠣ ᠠᠯᠳᠠᠢ ᠰᠢᠭ᠋ ᠨᠠᠴᠣᠭᠳᠣᠷᠵᠢ᠂ ᠴᠠᠭᠠᠨ ᠬᠤᠰᠣ ᠰᠢᠭ᠋ ᠫᠥᠱᠺᠢᠨ᠂ ᠨᠣᠮᠣᠬᠠᠨ ᠲᠠᠯᠠᠢ ᠰᠢᠭ᠋ ᠸᠧᠢᠢᠲᠮᠠᠨ᠂ ᠨᠣᠶᠠᠨ ᠾᠢᠮᠠᠯᠢ ᠰᠢᠭ᠋ ᠲᠠᠶᠢᠭᠤᠷ︾ ᠭᠡᠵᠣ ᠡᠳᠡᠭᠡᠷ ᠲᠡᠯᠡᠬᠡᠢ ᠶᠢᠨ ᠵᠢᠩᠳᠠᠭᠠᠨ ᠤ ᠬᠡᠯᠡ᠂ ᠤᠳᠬ᠎ᠠ ᠵᠤᠬᠢᠶᠠᠯ ᠤᠨ ᠠᠪᠣᠷᠭᠤᠴᠣᠳ ᠢ ᠬᠥᠨᠳᠣᠳᠬᠡᠨ ᠰᠢᠳᠣᠵᠣ ᠪᠢᠰᠢᠷᠵᠡᠭᠡᠳᠡᠭ ᠪᠢᠯᠡ᠃ ᠪᠢ ᠪᠣᠯ ᠥᠪᠣᠷ ᠤᠨ ᠨᠢᠭᠡ ᠶᠡᠭᠡ ᠪᠢᠰᠢ ᠶᠡᠷᠣ ᠶᠢᠨ ᠨᠢᠭᠡ ᠢᠷᠠᠭᠤ ᠨᠠᠶᠢᠷᠠᠭᠴᠢ᠂ ᠵᠣᠬᠢᠶᠠᠯᠴᠢ᠂ ᠰᠡᠳᠭᠦᠯᠴᠢ ᠶᠣᠮ᠃ ᠭᠡᠬᠦ ᠳᠡᠭᠡᠨ ᠨᠠᠮᠠᠢᠢ ᠤᠷᠠᠨ ᠵᠣᠬᠢᠶᠠᠯ ᠤᠷᠣᠭᠤ ᠤᠬᠠᠭᠠᠨ ᠥᠭᠡᠢ ᠰᠣᠨᠢᠷᠬᠠᠭᠤᠯᠵᠤ ᠲᠣᠷᠠᠯᠠᠭᠤᠯᠵᠣ ᠤᠷᠣᠭᠤᠯᠣᠭᠰᠠᠨ ᠨᠢ ᠶᠡᠭᠡ ᠨᠠᠴᠣᠭᠳᠣᠷᠵᠢ ᠶᠢᠨ ᠢᠷᠠᠭᠤ ᠨᠠᠶᠢᠷᠠᠭ ᠪᠣᠶᠣ ᠶᠡᠭᠡ ᠨᠠᠴᠣᠭᠳᠣᠷᠵᠢ ᠪᠠᠭᠰᠢᠳᠠᠨ ᠪᠠᠶᠢᠯ᠎ᠠ᠃ ᠲᠥᠷᠣᠭᠦᠣ ᠵᠠᠭᠤᠨ ᠤ ᠲᠠᠪᠢᠭᠠᠳ ᠤᠨ ᠤ ᠲᠣᠮᠳᠠᠴᠢ ᠪᠠᠷ ᠮᠠᠨ ᠤ ᠥᠪᠣᠷ ᠮᠣᠩᠭᠤᠯ ᠬᠠᠭᠤᠴᠢᠨ ᠪᠣᠰᠤᠭ᠎ᠠ ᠮᠣᠩᠭᠤᠯ ᠥᠰᠣᠭ᠌ ᠪᠢᠴᠢᠭ  ᠢᠶᠠᠨ ᠲᠠᠯᠪᠢᠭᠠᠳ ᠺᠢᠷᠢᠯ ᠥᠰᠣᠭ᠌ ᠪᠢᠴᠢᠭ ︵ᠮᠠᠨᠠᠶᠢᠬᠢᠨ ᠰᠢᠨ᠎ᠡ ᠮᠣᠩᠭᠤᠯ  ᠥᠰᠣᠭ᠌ ᠭᠡᠳᠡᠭ︶ ᠰᠣᠷᠴᠠᠭᠠᠯ᠎ᠠ᠃ ᠨᠠᠰᠣ ᠨᠢ ᠠᠷᠠᠢ ᠪᠠᠭ᠎ᠠ ᠭᠡᠰᠡᠨ ᠶᠥᠮᠣ ᠨᠠᠮᠠᠢᠢ ᠪᠢᠴᠢᠭ ᠰᠣᠷ ᠭᠡᠰᠡᠨ ᠬᠥᠮᠣᠨ ᠪᠠᠶᠢᠭᠰᠠᠨ ᠥᠭᠡᠢ ᠬᠢᠷᠢᠨᠢ ᠲᠣᠭᠤᠯ ᠬᠤᠷᠠᠭᠠᠨ ᠤ ᠬᠡᠤᠬᠡᠳ ᠪᠢ ᠪᠥᠳᠣᠭᠦᠴᠣᠣᠯ ᠤᠨ ᠲᠣᠮᠳᠠ ᠤᠷᠣᠵᠣ ᠰᠢᠨ᠎ᠡ ᠮᠣᠩᠭᠤᠯ ᠥᠰᠣᠭ᠌ ᠪᠢᠴᠢᠭ ᠰᠣᠷᠴᠣ ᠰᠣᠨᠢᠨ ᠰᠡᠳᠭᠦᠯ ᠢ ᠤᠰᠣ ᠴᠠᠰᠣ ᠰᠢᠭ᠋ ᠤᠩᠰᠢᠵᠣ ᠴᠢᠳᠠᠬᠤ ᠪᠣᠯᠣᠯ᠎ᠠ᠃ 1957 —8 ᠤᠨ ᠤ ᠥᠶ᠎ᠡ ᠳᠤ ᠲᠠᠬᠢᠭᠠᠳ ᠮᠠᠨᠠᠶᠢᠬᠢᠨ ᠬᠠᠭᠤᠴᠢᠨ ᠪᠣᠰᠤᠭ᠎ᠠ ᠮᠤᠩᠭᠤᠯ ᠥᠰᠣᠭ᠌ ᠪᠢᠴᠢᠭ ᠢᠶᠠᠨ ᠰᠡᠷᠭᠦᠭᠡᠨ ᠰᠣᠷᠣᠭᠰᠠᠨ ᠠᠴᠠ ᠪᠢ 1951 ᠤᠨ ᠳᠤ ᠪᠥᠭᠦᠳᠡ ᠨᠠᠶᠢᠷᠠᠮᠳᠠᠬᠤ ᠮᠣᠩᠭᠤᠯ ᠠᠷᠠᠳ ᠤᠯᠣᠰ ᠲᠤ ᠰᠢᠨ᠎ᠡ ᠥᠰᠣᠭ᠌ ᠢᠶᠠᠷ ᠠᠩᠬ᠎ᠠ ᠬᠡᠪᠯᠡᠭᠰᠡᠨ ᠱ᠊ · ᠯᠣᠪᠰᠠᠩᠸᠠᠩᠳᠠᠨ᠂ ᠲᠡᠮᠴᠢᠭᠳᠦᠷᠵᠢ ᠶᠢᠨ ᠵᠤᠬᠢᠶᠠᠭᠰᠠᠨ ︽ᠮᠣᠩᠭᠤᠯ ᠬᠡᠯᠡᠨ ᠤ ᠵᠥᠢ︾ ︵ᠮᠠᠨᠠᠶᠢᠬᠢᠨ ᠯᠣᠪᠰᠠᠩᠸᠠᠩᠳᠠᠨ ᠤ ᠬᠡᠯᠡᠨ ᠵᠥᠢ ᠭᠡᠳᠡᠭ︶ ᠶᠢ 1954 ᠤᠨ ᠳᠤ ᠮᠠᠨ ᠤ ᠥᠪᠣᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠠᠴᠠ ᠬᠠᠭᠤᠴᠢᠨ ᠮᠣᠩᠭᠤᠯ ᠥᠰᠣᠭ᠌ ᠲᠡᠭᠡᠷ᠎ᠡ ᠪᠠᠭᠤᠯᠭᠠᠨ ᠬᠡᠪᠯᠡᠭᠰᠡᠨ ᠯᠣᠪᠰᠠᠩᠸᠠᠩᠳᠠᠨ ᠤ ︽ᠮᠣᠩᠭᠤᠯ ᠬᠡᠯᠡᠨ ᠤ ᠵᠥᠢ︾ ︵ᠲᠡᠭᠡᠳᠣ᠂ ᠲᠣᠣᠷᠡᠳᠣ︶   ᠠᠴᠠ ᠳ᠋᠊ · ᠨᠠᠴᠣᠭᠳᠣᠷᠵᠢ ᠶᠢᠨ ︽ᠮᠢᠨᠣ ᠨᠣᠳᠤᠭ︾᠂ ︽ᠰᠢᠪᠠᠭᠤᠨ ᠰᠠᠷᠠᠯ︾᠂ ︽ᠬᠠᠭᠤᠴᠢᠨ ᠬᠥᠤ︾᠂ ︽ᠰᠣᠶᠣᠯ ᠢ ᠭᠠᠶᠢᠬᠠᠪᠠ︾᠂ ᠴ᠊ · ᠲᠠᠮᠳᠢᠨᠰᠥ᠋ᠷᠣᠩ ᠤᠨ ︽ᠪᠣᠭᠤᠷᠣᠯ ᠡᠵᠢ ᠮᠢᠨᠢ︾᠂ ︽ᠠᠯᠳᠠᠨ ᠭᠠᠳᠠᠰᠣ︾᠂ ︽ᠮᠣᠩᠭᠤᠯ ᠨᠣᠳᠤᠭ︾᠂ ︽ᠭᠤᠯᠣᠭᠳᠠᠭᠰᠠᠨ ᠬᠡᠣᠬᠡᠨ︾᠂ ᠳ᠋᠊ · ᠰᠡᠩᠭᠡ ᠶᠢᠨ ︽ᠠᠴᠢᠳᠣ ᠡᠬᠡ︾᠂ ︽ᠴᠤᠶᠢᠪᠠᠯᠰᠠᠩ ᠳᠠᠭᠠᠨ︾᠂ ︽ᠲᠡᠯᠭᠡᠷ ᠮᠣᠩᠭᠤᠯ  ᠤᠷᠣᠨ︾  ︽ᠠᠶᠣᠰᠢ  ︾  ︵ᠲᠣᠭᠤᠵᠢ︶᠂ ᠳ᠋᠊ · ᠴᠡᠪᠡᠭᠮᠢᠳ ᠤᠨ ︽ᠬᠤᠨᠢᠴᠢᠨ ᠨᠠᠶᠢᠳᠠᠨ︾ · ᠴ᠊ · ᠴᠢᠮᠡᠳ ᠤᠨ ︽ᠪᠢ ᠮᠣᠩᠭᠤᠯ ᠬᠥᠮᠣᠨ︾᠂ ᠴ᠊ · ᠯᠣᠳᠣᠶᠢᠳᠠᠮᠪᠠ ᠶᠢᠨ ︽ᠠᠯᠳᠠᠢ ᠳᠤ︾  ᠫ᠊ · ᠬᠤᠷᠯᠣ ᠶᠢᠨ ︽ᠬᠤᠷᠠᠭ᠎ᠠ︾᠂ ᠠ᠊ · ᠲᠡᠷᠡᠪᠢᠰᠢ ᠶᠢᠨ ︽ᠢᠰᠡᠭᠡᠢ︾ ᠵᠡᠷᠭᠡ ᠶᠢᠨ ᠢᠷᠣᠭᠡᠯ ᠮᠠᠭᠳᠠᠭᠠᠯ ᠵᠡᠷᠭᠡ ᠤᠷᠠᠨ ᠪᠥᠳᠣᠭᠡᠯ ᠤᠳ ᠠᠴᠠ ᠤᠯᠳᠠᠬᠤ ᠶᠢᠨ ᠬᠢᠷᠢ ᠪᠠᠷ ᠤᠩᠰᠢᠵᠣ᠂ ᠰᠢᠯᠣᠭ᠌ ᠵᠣᠬᠢᠶᠠᠯ ᠤᠨ ᠤᠷᠮ᠎ᠠ ᠪᠠᠬ᠎ᠠ᠂ ᠰᠢᠯᠣᠭ᠍ᠴᠢ ᠵᠣᠬᠢᠶᠠᠯᠴᠢ ᠪᠣᠯᠬᠤ ᠶᠢᠨ ᠤᠨᠠᠭᠠᠨ ᠪᠠᠭ᠎ᠠ ᠶᠢᠨ ᠵᠡᠭᠦᠳᠣ ᠬᠥᠰᠡᠯᠡᠩ ᠲᠠᠢ ᠪᠣᠯᠣᠭᠰᠠᠨ ᠶᠣᠮ᠃ ᠲᠡᠭᠡᠭᠡᠳ ᠯᠡ ᠠᠩᠭᠢ᠂ ᠰᠣᠷᠭᠠᠭᠤᠯᠢ ᠶᠢᠨ ᠢᠶᠠᠨ ᠰᠠᠮᠪᠠᠷ᠎ᠠ ᠶᠢᠨ ᠰᠣᠨᠢᠨ ᠲᠡᠭᠡᠷ᠎ᠡ ᠰᠢᠯᠣᠭ᠌ ᠵᠤᠬᠢᠶᠠᠯ ᠪᠢᠴᠢᠨ ᠨᠡᠶᠢᠳᠡᠯᠡᠭᠦᠯᠵᠣ᠂ ᠥᠪᠡᠷ ᠢᠶᠠᠨ ᠴᠣ᠋ ᠠᠩᠭᠢ ᠶᠢᠨ ᠪᠠᠭᠰᠢ᠂ ᠠᠩᠭᠢ ᠶᠢᠨ ᠺᠠᠳ᠋ᠷ ᠤᠨ ᠨᠠᠶᠢᠳᠠᠯᠭ᠎ᠠ ᠪᠠᠷ ᠠᠩᠭᠢ᠂ ᠰᠣᠷᠭᠠᠭᠤᠯᠢ ᠶᠢᠨ ᠰᠠᠮᠪᠠᠷ᠎ᠠ ᠶᠢᠨ ᠰᠣᠨᠢᠨ ᠢ ᠡᠷᠬᠢᠯᠡᠵᠣ ᠪᠠᠶᠢᠪᠠ᠃ ᠵᠣᠬᠢᠶᠠᠯ ᠤᠨ ᠲᠠᠰᠬᠠᠯ ᠤᠨ ᠵᠠᠷᠢᠮ ᠢ ᠨᠢ ᠴᠣ᠋ ᠪᠠᠭᠰᠢ ᠠᠴᠠ ᠠᠩᠭᠢ ᠡᠮᠣᠨ᠎ᠡ ᠤᠩᠰᠢᠵᠣ ᠣᠷᠮ᠎ᠠ ᠵᠣᠷᠢᠭ ᠥᠭᠴᠣ ᠪᠠᠶᠢᠯ᠎ᠠ᠃ ᠤᠳᠣ ᠪᠣᠳᠣᠬᠤ ᠳᠤ ᠲᠡᠷᠡ ᠥᠶ᠎ᠡ ᠳᠤ ᠮᠠᠨ ᠤ ᠮᠣᠩᠭᠤᠯ  ᠤᠨ ᠵᠤᠬᠢᠶᠠᠯ ᠤᠳ ᠮᠠᠨ ᠤ ᠥᠪᠣᠷ ᠮᠣᠩᠭᠤᠯ ᠤᠨ ᠰᠣᠨᠢᠨ ᠰᠡᠳᠭᠦᠯ ᠤᠳ ᠢᠶᠠᠷ ᠥᠷᠭᠡᠨ ᠨᠡᠶᠢᠳᠡᠯᠡᠭᠳᠡᠵᠣ᠂ ᠨᠣᠮ ᠰᠣᠳᠣᠷ ᠴᠣ᠋ ᠤᠯᠠᠨ ᠬᠡᠪᠯᠡᠭᠳᠡᠵᠣ ᠤᠩᠰᠢᠭᠴᠢ ᠵᠣᠬᠢᠶᠠᠭᠴᠢ ᠶᠢᠨ ᠲᠣᠮᠳᠠ ᠶᠡᠭᠡ ᠨᠥᠯᠣᠭᠡ ᠠᠪᠴᠣ ᠪᠠᠶᠢᠭᠰᠠᠨ ᠨᠢ ᠶᠠᠷᠢᠶᠠᠨ ᠥᠭᠡᠢ ᠨᠢᠭᠡ ᠲᠠᠯ᠎ᠠ ᠪᠠᠶᠢᠬᠤ ᠳᠤ᠂ ᠠᠯᠳᠠᠷᠳᠣ ᠰᠢᠯᠣᠭ᠍ᠴᠢ ᠨᠠ᠊ · ᠰᠠᠶᠢᠨᠴᠣᠭᠳᠣ ᠶᠢᠨ ᠰᠢᠯᠣᠭ᠌ ᠵᠣᠬᠢᠶᠠᠯ  ᠢᠶᠠᠷ ᠲᠠᠮᠵᠢᠵᠣ ᠲᠠᠮ ᠨᠥᠯᠣᠭᠡ ᠠᠪᠴᠣ ᠪᠠᠶᠢᠭᠰᠠᠨ ᠨᠢ ᠪᠠᠰᠠ ᠨᠥᠭᠦᠭᠡ ᠨᠢᠭᠡᠨ ᠲᠠᠯ᠎ᠠ ᠪᠠᠶᠢᠬ᠎ᠠ᠃ ᠨᠠ᠊ · ᠰᠠᠶᠢᠨᠴᠣᠭᠳᠣ ᠶᠠᠫᠣᠨ᠂ ᠮᠣᠩᠭᠤᠯ ᠤᠯᠣᠰ ᠲᠤ ᠪᠠᠶᠢᠬᠤ ᠳᠠᠭᠠᠨ ᠰᠠᠶᠢᠴᠣᠩᠭ᠎ᠠ ᠨᠡᠷ᠎ᠡ ᠪᠠᠷ ᠢᠷᠠᠭᠤ ᠨᠠᠶᠢᠷᠠᠭ ᠵᠡᠷᠭᠡ  ᠶᠢᠨ ᠤᠯᠠᠨ ᠵᠣᠬᠢᠶᠠᠯ ᠪᠥᠳᠣᠭᠡᠯ ᠨᠡᠶᠢᠳᠡᠯᠡᠵᠤ᠂ ᠨᠣᠮ ᠲᠡᠭᠦᠪᠣᠷᠢ ᠬᠡᠪᠯᠡᠭᠦᠯᠵᠣ ᠪᠠᠶᠢᠪᠠ᠃ ᠡᠳᠡᠭᠡᠷ ᠢ ᠭᠤᠣᠯᠴᠢᠯᠠᠨ ᠤᠩᠰᠢᠭᠠᠳ ᠪᠢ᠂ ᠨᠠ᠊ · ᠰᠠᠶᠢᠨᠴᠣᠭᠳᠣ ᠶᠢᠨ ᠮᠡᠨᠳᠣᠯᠡᠭᠰᠡᠨ ᠵᠠᠭᠤᠨ ᠵᠢᠯ ᠤᠨ ᠤᠢ ᠶᠢ ᠲᠡᠮᠳᠡᠭᠯᠡᠨ ᠲᠣᠷᠠᠰᠬᠠᠵᠣ ᠪᠢᠴᠢᠭᠰᠡᠨ ᠨᠢᠭᠡᠨ ᠵᠣᠬᠢᠶᠠᠯ ᠳᠠᠭᠠᠨ ︽ᠶᠡᠭᠡ ᠨᠠ᠊ · ᠰᠠᠶᠢᠨᠴᠣᠭᠳᠣ ᠮᠢᠨᠢ ᠲᠥᠷᠣᠭᠦᠣ ᠵᠠᠭᠤᠨ ᠤ ᠭᠤᠴᠢ ᠲᠥᠴᠢᠭᠡᠳ ᠤᠨ ᠳᠤ ᠵᠡᠭᠦᠨ ᠲᠠᠯᠠᠢ ᠶᠢ ᠬᠡᠳᠣᠯᠵᠣ ᠥᠨᠳᠣᠰᠣᠳᠡᠨ ᠢᠶᠠᠨ ᠮᠠᠨᠳᠣᠭᠤᠯᠬᠤ ᠶᠡᠭᠡ ᠰᠡᠳᠬᠢᠮᠵᠢ ᠡᠷᠢᠯᠬᠢᠯᠡᠵᠣ᠂ ᠣᠮᠠᠷᠠᠰᠢ ᠠᠭᠤᠳᠠᠮ ᠮᠣᠩᠭᠤᠯ ᠨᠣᠳᠤᠭ ᠲᠠᠭᠠᠨ ᠤᠴᠢᠵᠣ ᠪᠣᠭᠳᠠ ᠴᠢᠩᠭᠢᠰ ᠤᠨ ᠤᠬᠠᠭᠠᠨ ᠬᠠᠶᠢᠵᠣ ᠶᠠᠪᠣᠵᠠᠢ︾ ᠭᠡᠵᠣ ᠪᠢᠴᠢᠭᠰᠡᠨ ᠶᠣᠮ᠃       ᠨᠠ᠊ · ᠰᠠᠶᠢᠨᠴᠣᠭᠳᠣ ᠤᠯᠣᠰ ᠲᠠᠭᠠᠨ ᠪᠣᠴᠠᠵᠤ ᠢᠷᠡᠭᠰᠡᠨ ᠤ ᠲᠠᠷᠠᠭ᠎ᠠ ᠠᠬ᠎ᠠ ᠲᠡᠭᠦᠣ ᠮᠤᠩᠭᠤᠯ ᠤᠨ ᠵᠣᠬᠢᠶᠠᠯᠴᠢᠳ ᠲᠠᠢ ᠪᠠᠨ ᠵᠠᠬᠢᠳᠠᠯ ᠴᠢᠮᠡᠭᠡ ᠪᠠᠷ ᠥᠷᠭᠦᠯᠵᠢ ᠶᠠᠪᠣᠯᠴᠠᠵᠣ᠂ ᠮᠠᠨ ᠤ ᠮᠣᠩᠭᠤᠯ ᠤᠨ ᠵᠣᠬᠢᠶᠠᠯᠴᠢ᠂ ᠵᠣᠬᠢᠶᠠᠯ ᠪᠥᠳᠣᠭᠡᠯ ᠢᠶᠠᠷ ᠮᠠᠨ ᠤ ᠥᠪᠣᠷ ᠮᠣᠩᠭᠤᠯ ᠤᠨ ᠵᠣᠬᠢᠶᠠᠯᠴᠢ᠂ ᠵᠣᠬᠢᠶᠠᠯ ᠪᠥᠳᠣᠭᠡᠯ ᠢᠶᠠᠨ ᠨᠥᠯᠣᠭᠡᠯᠡᠵᠣ᠂ ᠤᠷᠮᠠᠰᠢᠭᠤᠯᠵᠣ ᠪᠠᠶᠢᠵᠠᠢ᠃ ᠲᠡᠷᠡ ᠲᠥᠷᠣᠭᠦᠣ ᠵᠠᠭᠤᠨ ᠤ ᠲᠠᠪᠢᠭᠠᠳ ᠤᠨ ᠤ ᠲᠣᠮᠳᠠᠴᠢ ᠪᠠᠷ ᠢᠳᠰᠢᠨ ᠵᠡᠷᠭᠡ ᠨᠥᠬᠦᠳ ᠲᠠᠢ ᠪᠠᠨ ᠵᠥᠪᠳᠡᠯᠴᠢᠨ ︽ᠥᠨᠢᠷ ᠴᠡᠴᠡᠭ︾ ᠰᠡᠳᠭᠦᠯ ᠢ ᠡᠭᠦᠰᠭᠡᠨ ᠡᠷᠬᠢᠯᠡᠵᠣ᠂ ︽ᠥᠨᠢᠷ ᠴᠡᠴᠡᠭ︾ ᠭᠡᠰᠡᠨ ᠨᠡᠷ᠎ᠡ ᠶᠢ ᠨᠢ ᠴᠣ᠋ ᠬᠠᠶᠢᠷᠠᠯᠠᠵᠣ᠂ ᠶᠡᠷᠣᠩᠬᠡᠢ ᠨᠠᠶᠢᠷᠠᠭᠤᠯᠣᠭᠴᠢ ᠪᠠᠷ ᠠᠵᠢᠯᠯᠠᠵᠣ ᠪᠠᠶᠢᠵᠠᠢ᠃ ︽ᠦᠨᠢᠷ ᠴᠡᠴᠡᠭ︾ ᠰᠡᠳᠭᠦᠯ ᠪᠣᠯ ᠮᠠᠨ ᠤ ᠥᠪᠣᠷ ᠮᠣᠩᠭᠤᠯ ᠤᠷᠠᠨ ᠵᠣᠬᠢᠶᠠᠯ᠂ ᠥᠪᠣᠷ ᠮᠣᠩᠭᠤᠯ ᠤᠷᠠᠨ ᠵᠣᠬᠢᠶᠠᠯᠴᠢᠳ  ᠤᠨ ᠥᠯᠣᠭᠡᠢ ᠪᠢᠯᠡ᠃ ᠮᠠᠨᠠᠶᠢᠬᠢᠨ ᠶᠡᠭᠡ ᠨᠠ᠊ · ᠰᠠᠶᠢᠨᠴᠣᠭᠳᠣ ᠪᠠᠨ ᠲᠣᠮᠳᠠᠳᠣ ᠤᠯᠣᠰ ᠤᠨ ᠤᠷᠴᠢᠨ ᠣᠳᠣ ᠥᠶ᠎ᠡ ᠶᠢᠨ ᠮᠤᠩᠭᠤᠯ ᠤᠷᠠᠨ ᠵᠤᠬᠢᠶᠠᠯ ᠤᠨ ᠥᠨᠳᠣᠰᠣᠯᠡᠭᠴᠢ ᠭᠡᠵᠣ ᠬᠥᠨᠳᠣᠳᠭᠡᠨ ᠰᠢᠳᠣᠳᠡᠭ᠃ ᠮᠥᠨ ᠮᠠᠨᠠᠶᠢᠬᠢᠨ ᠬᠢᠳᠠᠳ ᠰᠢᠯᠣᠭ᠌ ᠪᠣᠯ ᠰᠧᠴᠤᠸᠠᠨ ᠤ ᠬᠢ᠂ ᠮᠣᠩᠭᠤᠯ ᠰᠢᠯᠣᠭ᠌ ᠪᠣᠯ ᠰᠢᠯᠢ ᠶᠢᠨ ᠭᠤᠣᠯ ᠤᠨ ᠬᠢ ᠭᠡᠳᠡᠭ ᠨᠢ ᠶᠡᠭᠡ ᠨᠠ᠊ · ᠰᠠᠶᠢᠨᠴᠣᠭᠳᠣ ᠶᠢᠨ ᠨᠣᠳᠤᠭ ᠤᠨ ᠬᠢ ᠪᠣᠯᠣᠭᠰᠠᠨ ᠤ ᠬᠤᠪᠢ ᠳᠤ ᠶᠡᠭᠡ ᠨᠠ᠊ · ᠰᠠᠶᠢᠨᠴᠣᠭᠳᠣ ᠶᠢᠨ ᠨᠥᠯᠣᠭᠡ ᠥᠭᠡᠢ ᠯᠡ ᠭᠡᠵᠣ ᠬᠡᠯᠡᠵᠣ ᠪᠣᠯᠬᠤ ᠥᠭᠡᠢ ᠯᠡ ᠳ᠋ᠠ᠂ ᠨᠡᠩ ᠴᠣ᠋ ᠮᠠᠨ ᠤ ᠬᠠᠯᠬ᠎ᠠ ᠮᠣᠩᠭᠤᠯ ᠤᠷᠠᠨ ᠵᠣᠬᠢᠶᠠᠯ ᠤᠨ ᠬᠠᠯᠠᠭᠤᠨ ᠨᠥᠯᠣᠭᠡ ᠥᠭᠡᠢ ᠭᠡᠵᠤ ᠬᠡᠯᠡᠵᠣ ᠪᠥᠷ ᠪᠣᠯᠬᠤ ᠥᠭᠡᠢ ᠯᠡ ᠳ᠋ᠠ᠃ ᠮᠠᠨ ᠤ ︽ᠰᠢᠯᠢ ᠶᠢᠨ ᠭᠤᠣᠯ︾ ᠰᠡᠳᠭᠦᠯ ᠲᠡᠭᠡᠳᠣ ᠵᠠᠭᠤᠨ ᠤ ᠨᠠᠶᠠᠨ ᠤᠨ ᠳᠤ ᠬᠡᠪᠯᠡᠯ ᠡᠬᠢᠯᠡᠭᠰᠡᠨ ᠠᠴᠠ ᠪᠠᠨ ᠠᠪᠣᠭᠠᠳ ᠮᠠᠨ ᠤ ᠮᠣᠩᠭᠤᠯ ᠤᠨ ᠢᠷᠠᠭᠤ ᠨᠠᠶᠢᠷᠠᠭᠴᠢ᠂ ᠵᠣᠬᠢᠶᠠᠯᠴᠢᠳ ᠤᠨ ᠵᠤᠬᠢᠶᠠᠯ ᠪᠥᠳᠣᠭᠡᠯ ᠢ ᠬᠤᠭᠤᠴᠠᠭ᠎ᠠ ᠪᠥᠷᠢ ᠵᠣᠬᠢᠬᠤ ᠬᠠᠭᠤᠳᠠᠰᠣ ᠡᠵᠡᠯᠡᠭᠦᠯᠵᠣ ᠲᠣᠰᠬᠠᠢ ᠪᠣᠯᠣᠩ ᠲᠠᠯᠪᠢᠳᠠᠭ ᠨᠢ ᠠᠬ᠎ᠠ ᠲᠡᠭᠦᠤ ᠮᠣᠩᠭᠤᠯ ᠤᠨ ᠢᠶᠠᠨ ᠤᠷᠠᠨ ᠵᠤᠬᠢᠶᠠᠯ  ᠠᠴᠠ ᠤᠷᠠᠯᠢᠭ ᠤᠬᠠᠭᠠᠨ ᠤ ᠰᠢᠮ᠎ᠡ ᠲᠡᠵᠢᠭᠡᠯ ᠬᠥᠷᠳᠡᠬᠦ ᠶᠢᠨ ᠲᠥᠯᠣᠭᠡ ᠪᠠᠶᠢᠭᠰᠠᠨ ᠢᠶᠠᠨ ᠠᠳᠡ ᠶᠠᠭᠤ ᠶᠢ ᠨᠢ ᠨᠢᠭᠤᠬᠤᠪ ᠳ᠋ᠠ᠃ ᠵᠠ ᠥᠭᠡ ᠤᠯᠠᠳᠠᠵᠣ ᠥᠬᠡᠷ ᠬᠤᠯᠠᠳᠠᠯ᠎ᠠ᠃ ᠪᠣᠳᠣᠵᠣ ᠰᠠᠨᠠᠭᠰᠠᠨ ᠬᠡᠳᠣᠨ ᠥᠭᠡ ᠪᠠᠨ ᠶᠡᠭᠡ ᠨᠠ᠊ · ᠰᠠᠶᠢᠨᠴᠣᠭᠳᠣ ᠶᠢᠨ 1946.11.9 ᠤ ᠡᠳᠣᠷ᠂ ᠤᠳᠣ ᠠᠴᠠ 73 ᠵᠢᠯ ᠡᠮᠣᠨ᠎ᠡ ᠠᠳᠡ ᠰᠣᠷᠣᠯᠴᠠᠵᠣ ᠪᠠᠶᠢᠬᠤ ᠳᠠᠭᠠᠨ ᠪᠢᠴᠢᠭᠰᠡᠨ ︽ᠤᠯᠠᠭᠠᠨᠪᠠᠭᠠᠳᠣᠷ︾ ᠬᠡᠮᠡᠬᠦ ᠰᠢᠯᠣᠭ᠌ ᠢ ᠬᠡᠯᠡᠵᠣ ᠲᠡᠭᠦᠰᠭᠡᠶ᠎ᠡ᠃
 
ᠢᠷᠡᠯᠲᠡ᠄ ᠡᠷᠢᠶᠡᠨ ᠬᠤᠲᠠ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号