ᠤᠯᠠᠭᠠᠨᠪᠠᠭᠠᠳᠣᠷ
ᠨᠡᠶᠢᠲᠡᠯᠡᠭᠰᠡᠨ ᠴᠠᠭ᠄
2019/1/4
                                           ᠨᠠ᠊ · ᠰᠠᠶᠢᠨᠴᠣᠭᠳᠣ        ᠠᠷᠣ ᠥᠪᠣᠷ ᠤᠨ ᠤᠯᠠᠨ ᠲᠥᠮᠡᠨ ᠳᠤ ᠠᠯᠳᠠᠷ ᠢᠶᠠᠨ ᠲᠠᠭᠤᠷᠢᠰᠬᠠᠭᠰᠠᠨ       ᠠᠯᠳᠠᠨ ᠲᠣᠣᠯᠠ ᠶᠢᠨ ᠲᠣᠩᠭᠠᠯᠠᠭ ᠤᠷᠣᠰᠬᠠᠯ ᠳᠤ ᠭᠡᠷᠡᠯ ᠢᠶᠠᠨ  ᠲᠣᠨᠣᠷᠠᠭᠤᠯᠣᠭᠠᠳ       ᠠᠩᠬ᠎ᠠ ᠡᠷᠳᠡ ᠠᠴᠠ ᠮᠣᠩᠭᠤᠯ ᠠᠷᠠᠳ ᠲᠤ  ᠮᠠᠭᠳᠠᠭᠠᠯ ᠢᠶᠠᠨ ᠤᠯᠣᠭᠰᠠᠨ       ᠠᠯᠳᠠᠢ ᠬᠡᠨᠳᠡᠢ ᠶᠢᠨ ᠥᠵᠡᠮᠵᠢᠳᠣ ᠤᠷᠭᠢᠯ ᠲᠠᠢ ᠰᠥᠷ ᠢᠶᠠᠨ  ᠪᠣᠯᠢᠶᠠᠯᠳᠣᠭᠰᠠᠨ              ᠡᠨᠡ ᠪᠣᠯ ᠠᠷᠠᠳ ᠤᠨ ᠰᠢᠨ᠎ᠡ ᠨᠠᠶᠢᠰᠯᠠᠯ᠂ ᠠᠯᠳᠠᠷᠳᠣ ᠤᠯᠠᠭᠠᠨᠪᠠᠭᠠᠳᠣᠷ        ᠲᠠᠰᠢᠶ᠎ᠠ ᠪᠠᠨ ᠲᠣᠯᠣᠭᠰᠠᠨ ᠲᠥᠰᠢᠮᠡᠳ ᠤᠨ ᠠᠯᠪᠠᠳᠠᠯ ᠰᠥᠷᠳᠡᠯᠭᠡ ᠪᠠᠷ ᠪᠠᠷᠢᠭᠳᠠᠭ᠎ᠠ ᠥᠭᠡᠢ        ᠲᠠᠰᠢᠭᠤᠷ ᠢᠶᠠᠨ ᠲᠠᠯᠠᠶᠢᠭᠰᠠᠨ ᠮᠠᠨᠠᠭᠠᠴᠢ ᠶᠢᠨ ᠵᠠᠨᠴᠢᠯᠭ᠎ᠠ ᠵᠣᠳᠣᠯᠭ᠎ᠠ ᠪᠠᠷ ᠪᠣᠰᠬᠠᠭᠳᠠᠭ᠎ᠠ ᠥᠭᠡᠢ        ᠭᠢᠨᠵᠢ ᠬᠠᠩᠭᠢᠨᠠᠭᠤᠯᠣᠭᠰᠠᠨ ᠪᠣᠭᠤᠯ ᠤᠳ ᠲᠡᠭᠦᠨ ᠤ ᠲᠣᠶᠢᠹᠣᠤ ᠶᠢ ᠴᠣᠬᠢᠭ᠎ᠠ ᠥᠭᠡᠢ        ᠭᠡᠳᠡᠰᠣ ᠥᠯᠣᠰᠭᠦᠯᠡᠩ ᠲᠠᠷᠬᠠᠴᠣᠳ ᠲᠡᠭᠦᠨ ᠢ ᠰᠢᠬᠠᠭᠳᠠᠵᠣ ᠪᠠᠷᠢᠭ᠎ᠠ ᠥᠭᠡᠢ              ᠡᠨᠡ ᠪᠣᠯ ᠠᠷᠠᠳ ᠤᠨ  ᠰᠢᠨ᠎ᠡ ᠨᠠᠶᠢᠰᠯᠠᠯ᠂ ᠠᠯᠳᠠᠷᠳᠣ ᠤᠯᠠᠭᠠᠨᠪᠠᠭᠠᠳᠣᠷ        ᠪᠠᠳᠮᠠᠷᠠᠭ᠎ᠠ ᠤᠯᠠᠭᠠᠨ ᠲᠣᠶᠢᠹᠤᠣ ᠶᠢ ᠠᠨᠣ ᠴᠢᠯᠣᠭᠡᠳᠣ ᠠᠷᠠᠳ ᠴᠣᠬᠢᠭᠰᠠᠨ        ᠪᠠᠳᠣᠳᠠᠢ ᠭᠠᠨᠳᠢᠭ ᠰᠠᠭᠤᠷᠢ ᠶᠢ ᠠᠨᠣ ᠢᠯᠠᠭᠤᠭᠰᠠᠨ ᠪᠠᠭᠠᠳᠣᠷ ᠤᠳ ᠲᠠᠯᠪᠢᠭᠰᠠᠨ        ᠪᠠᠳᠮᠠᠯᠠᠭᠰᠠᠨ ᠴᠠᠭᠠᠨ ᠪᠠᠭᠠᠨ᠎ᠠ ᠶᠢ ᠠᠨᠣ ᠰᠢᠨ᠎ᠡ ᠠᠵᠢᠯᠴᠢᠨ ᠪᠣᠰᠬᠠᠭᠰᠠᠨ        ᠪᠠᠶᠠᠷᠯᠠᠯ ᠢᠶᠠᠨ ᠵᠣᠬᠢᠶᠠᠭᠴᠢ ᠠᠷᠠᠳ ᠤᠳ ᠥᠪᠡᠷ ᠤᠨ ᠭᠠᠷ ᠢᠶᠠᠷ ᠢᠶᠠᠨ ᠪᠠᠷᠢᠭᠰᠠᠨ              ᠡᠨᠡ ᠪᠣᠯ ᠠᠷᠠᠳ ᠤᠨ ᠰᠢᠨ᠎ᠡ ᠨᠠᠶᠢᠰᠯᠠᠯ᠂ ᠠᠯᠳᠠᠷᠳᠣ ᠤᠯᠠᠭᠠᠨᠪᠠᠭᠠᠳᠣᠷ        ᠬᠡᠳᠣᠷᠬᠡᠢ ᠶᠠᠮᠪᠠᠳᠣ ᠨᠣᠶᠠᠳ ᠤᠨ ᠡᠷᠬᠡᠰᠢᠶᠡᠯ ᠤᠨ ᠤᠷᠳᠣᠨ ᠭᠡᠵᠣ ᠪᠠᠶᠢᠭ᠎ᠠ ᠥᠭᠡᠢ        ᠬᠡᠪᠳᠡᠨ ᠵᠢᠷᠭᠠᠭᠴᠢ ᠪᠠᠶᠠᠴᠣᠳ ᠤᠨ ᠵᠣᠭᠠᠴᠠᠯ ᠤᠨ ᠬᠠᠷᠰᠢ ᠭᠡᠵᠣ ᠪᠣᠰᠬᠠᠭ᠎ᠠ ᠥᠭᠡᠢ        ᠬᠡᠷᠴᠡᠭᠡᠢ ᠴᠡᠷᠢᠭ ᠤᠨ ᠡᠷᠬᠡᠳᠡᠨ ᠤ ᠰᠥᠷᠳᠡᠭᠦᠯᠣᠯ ᠤᠨ ᠪᠠᠶᠢᠷᠢ ᠪᠠᠷ ᠲᠥᠭᠦᠷᠣᠭᠡ ᠥᠭᠡᠢ        ᠬᠡᠮᠵᠢᠶ᠎ᠠ ᠥᠭᠡᠢ ᠱᠤᠯᠣᠭᠴᠢ ᠫᠠᠨᠽᠠᠴᠢᠨ ᠤ ᠮᠥᠯᠵᠢᠯ ᠤᠨ ᠵᠡᠭᠡᠯᠢ ᠪᠠᠷ ᠪᠢᠯᠬᠠᠭ᠎ᠠ ᠥᠭᠡᠢ               ᠡᠨᠡ ᠪᠣᠯ ᠠᠷᠠᠳ ᠤᠨ ᠰᠢᠨ᠎ᠡ ᠨᠠᠶᠢᠰᠯᠠᠯ᠂ ᠠᠯᠳᠠᠷᠳᠣ ᠤᠯᠠᠭᠠᠨᠪᠠᠭᠠᠳᠣᠷ        ᠥᠨᠳᠣᠷ ᠰᠥᠷᠯᠢᠭ ᠴᠠᠮᠠᠬᠠᠭ ᠲᠤᠨᠢ ᠠᠷᠠᠳ ᠤᠨ ᠡᠷᠬᠡ ᠰᠠᠴᠣᠷᠠᠭᠰᠠᠨ        ᠥᠩᠭᠡ ᠲᠣᠨᠣᠮᠠᠯ ᠲᠠᠩᠬᠢᠮ ᠳᠤᠨᠢ ᠠᠷᠠᠳ ᠤᠨ ᠰᠣᠶᠣᠯ ᠴᠡᠴᠡᠭᠯᠡᠭᠰᠡᠨ        ᠥᠶᠡᠯᠡᠨ ᠵᠢᠭᠳᠡᠷᠡᠭᠰᠡᠨ ᠪᠠᠶᠢᠰᠢᠩ ᠳᠤᠨᠢ ᠠᠷᠠᠳ ᠤᠨ ᠪᠠᠶᠠᠯᠢᠭ ᠪᠢᠯᠬᠠᠭᠰᠠᠨ        ᠥᠷᠭᠡᠨ ᠴᠡᠯᠡᠭᠡᠷ ᠲᠠᠯᠠᠪᠠᠢ ᠳᠤᠨᠢ ᠢᠷᠡᠭᠡᠳᠣᠢ ᠶᠢᠨ ᠴᠡᠴᠡᠭᠯᠡᠯ ᠠᠮᠢᠯᠠᠭᠳᠠᠭᠰᠠᠨ               ᠡᠨᠡ ᠪᠣᠯ ᠠᠷᠠᠳ ᠤᠨ ᠰᠢᠨ᠎ᠡ ᠨᠠᠶᠢᠰᠯᠠᠯ ᠠᠯᠳᠠᠷᠳᠣ ᠤᠯᠠᠭᠠᠨᠪᠠᠭᠠᠳᠣᠷ        ᠠᠷᠢᠭᠤᠨ ᠨᠠᠨᠳᠢᠨ ᠲᠠᠪᠴᠠᠩ ᠳᠤᠨᠢ ᠠᠷᠠᠳ ᠤᠨ ᠲᠠᠶᠢᠰᠣᠨ ᠨᠣᠶᠠᠷᠬᠠᠭ᠎ᠠ ᠥᠭᠡᠢ        ᠠᠯᠳᠠᠨ ᠰᠠᠶᠢᠬᠠᠨ ᠲᠣᠭᠤᠷᠭᠠᠨ ᠳᠤᠨᠢ ᠮᠡᠬᠡᠯᠡᠯ ᠤᠨ ᠵᠠᠷᠯᠠᠯ ᠨᠠᠭᠠᠭᠳᠠᠭ᠎ᠠ ᠥᠭᠡᠢ        ᠠᠪᠣᠷᠭᠤ ᠤᠯᠠᠭᠠᠨ ᠬᠠᠭᠠᠯᠭᠠᠨ ᠳᠤᠨᠢ ᠬᠠᠷᠭᠢᠰᠯᠠᠯ ᠢᠶᠠᠨ ᠵᠣᠷᠢᠭᠳᠠᠬᠤ ᠴᠠᠭᠳᠠᠭ᠎ᠠ ᠥᠭᠡᠢ        ᠠᠰᠣᠷᠣ ᠥᠵᠡᠰᠭᠦᠯᠡᠩ ᠭᠤᠳᠣᠮᠵᠢᠨ ᠳᠤᠨᠢ ᠭᠠᠷ ᠢᠶᠠᠨ  ᠰᠠᠷᠪᠠᠶᠢᠬᠤ ᠭᠤᠶᠢᠯᠢᠨᠴᠢᠨ ᠥᠭᠡᠢ               ᠡᠨᠡ ᠪᠣᠯ ᠠᠷᠠᠳ ᠤᠨ ᠰᠢᠨ᠎ᠡ ᠨᠠᠶᠢᠰᠯᠠᠯ ᠠᠯᠳᠡᠷᠳᠣ ᠤᠯᠠᠭᠠᠨᠪᠠᠭᠠᠳᠣᠷ        ᠡᠷᠡᠯᠬᠡᠭ ᠬᠥᠩᠭᠢᠨᠡᠬᠦ ᠤᠶᠢᠯᠡᠳᠪᠣᠷᠢ ᠳᠤᠨᠢ ᠵᠠᠯᠠᠭᠤ ᠠᠵᠢᠯᠴᠢᠨ ᠪᠠᠭᠠᠳᠣᠷᠯᠠᠨ        ᠡᠷᠳᠡᠮ ᠤᠨ ᠤᠨᠳᠣᠷᠣᠯᠳᠣ ᠲᠠᠩᠬᠢᠮ ᠳᠤᠨᠢ ᠠᠷᠠᠳ ᠤᠨ ᠬᠡᠤᠬᠡᠳ ᠰᠣᠷᠣᠯᠴᠠᠵᠣ        ᠡᠩ ᠰᠠᠷᠠᠭᠤᠯᠬᠠᠨ ᠴᠢᠯᠣᠭᠡᠨ ᠳᠤᠨᠢ ᠢᠳᠡᠷᠬᠡᠭ ᠪᠠᠭᠠᠳᠣᠷ ᠤᠳ ᠵᠢᠠᠠᠰᠠᠵᠠᠭᠠᠨ        ᠡᠭᠡᠰᠢᠭ ᠲᠠᠭᠤᠷᠢᠰᠬᠤ ᠶᠡᠨᠳᠡᠷ ᠠᠴᠠ ᠢᠨᠣ ᠪᠥᠳᠣᠭᠡᠯ ᠤᠨ ᠲᠠᠭᠤᠯᠠᠯ ᠴᠣᠣᠷᠢᠶᠠᠳᠣᠭᠰᠠᠨ               ᠡᠨᠡ ᠪᠣᠯ ᠠᠷᠠᠳ ᠤᠨ ᠰᠢᠨ᠎ᠡ ᠨᠠᠶᠢᠰᠯᠠᠯ᠂ ᠠᠯᠳᠠᠷᠳᠣ ᠤᠯᠠᠭᠠᠨᠪᠠᠭᠠᠳᠣᠷ        ᠰᠡᠷᠢᠭᠦᠨ ᠬᠠᠩᠭᠠᠢ ᠨᠣᠮᠢᠨ ᠭᠤᠪᠢ ᠳᠤ ᠤᠷᠣᠰᠬᠠᠯ ᠢᠶᠠᠨ  ᠨᠡᠪᠳᠡᠷᠡᠭᠦᠯᠤᠭ᠍ᠰᠡᠨ        ᠰᠡᠳᠬᠢᠯ ᠪᠠᠶᠠᠰᠬᠤᠯᠠᠩ ᠭᠡᠭᠡᠨ ᠰᠣᠶᠣᠯ ᠤᠨ ᠤᠨᠳᠣᠷᠣᠯᠳᠣ ᠪᠣᠯᠠᠭ ᠢ        ᠰᠢᠨ᠎ᠡ ᠮᠣᠩᠭᠤᠯ ᠤᠨ ᠮᠠᠯᠴᠢᠨ ᠲᠥᠮᠡᠨ ᠳᠤ ᠬᠠᠶᠢᠷ᠎ᠠ ᠪᠠᠨ ᠡᠵᠡᠮᠰᠢᠭᠦᠯᠤᠭ᠍ᠰᠡᠨ        ᠰᠢᠵᠢᠷ ᠪᠥᠳᠣᠭᠡᠯ ᠮᠥᠩᠭᠦᠨ ᠨᠣᠣᠰᠣ ᠶᠢᠨ ᠴᠢᠳᠬᠤᠯᠠᠩᠳᠣ ᠲᠠᠯᠠᠢ               ᠡᠨᠡ ᠪᠣᠯ ᠠᠷᠠᠳ ᠤᠨ ᠰᠢᠨ᠎ᠡ ᠨᠠᠶᠢᠰᠯᠠᠯ ᠨᠠᠯᠳᠠᠷᠳᠣ ᠤᠯᠠᠭᠠᠨᠪᠠᠭᠠᠳᠣᠷ        ᠠᠷᠢᠭᠤᠨ ᠨᠠᠶᠢᠷᠠᠮᠳᠠᠯ ᠴᠢᠰᠣᠨ ᠪᠠᠷᠢᠯᠳᠣᠯᠭᠠᠳᠣ ᠮᠤᠩᠭᠤᠯ ᠰ᠊ ᠰ᠊ ᠰ᠊ ‍ᠷ   ᠤᠨ①        ᠠᠷᠠᠳ ᠲᠥᠮᠡᠨ ᠤ ᠬᠠᠯᠠᠭᠤᠨ ᠨᠥᠬᠦᠷᠯᠡᠯ ᠤᠨ ᠰᠣᠳᠠᠰᠣ ᠶᠢ ᠨᠡᠪᠳᠡᠷᠡᠭᠦᠯᠵᠣ        ᠠᠰᠢᠳᠠ ᠶᠢᠨ ᠬᠥᠭᠵᠢᠯ ᠮᠥᠩᠬᠡ ᠶᠢᠨ ᠵᠢᠷᠭᠠᠯ ᠤᠨ ᠭᠡᠭᠡᠨ ᠰᠠᠴᠣᠷᠠᠯ ᠢᠶᠠᠷ        ᠠᠯᠳᠠᠨ ᠲᠡᠯᠡᠬᠡᠢ ᠳᠤ ᠮᠣᠰᠺᠧᠨ ᠶᠢᠨ ᠬᠤᠶᠢᠨ᠎ᠠ ᠠᠴᠠ ᠭᠡᠷᠡᠯᠳᠣᠨ ᠮᠠᠨᠳᠣᠭᠴᠢ               ᠡᠨᠡ ᠪᠣᠯ ᠠᠷᠠᠳ ᠤᠨ ᠰᠢᠨ᠎ᠡ ᠨᠠᠶᠢᠰᠯᠠᠯ᠂ ᠠᠯᠳᠠᠷᠳᠣ ᠤᠯᠠᠭᠠᠨᠪᠠᠭᠠᠳᠣᠷ        ᠠᠪᠣᠷᠭᠤ ᠬᠤᠪᠢᠰᠬᠠᠯᠴᠢ ᠰᠥᠬᠡᠪᠠᠭᠠᠳᠣᠷ ᠤᠨ ᠬᠥᠰᠢᠶ᠎ᠡ ᠶᠢ ᠡᠯᠢᠭᠡᠨ ᠳᠡᠭᠡᠨ ᠴᠢᠮᠡᠵᠣ        ᠠᠭᠤᠤ ᠤᠳᠣᠷᠢᠳᠣᠭᠴᠢ ᠴᠣᠶᠢᠪᠠᠯᠰᠠᠩ ᠤᠨ ᠭᠠᠷ ᠢᠶᠠᠷ ᠰᠠᠭᠤᠷᠢ ᠲᠠᠯᠪᠢᠭᠤᠯᠣᠭᠰᠠᠨ        ᠠᠽᠢᠶ᠎ᠠ ᠶᠢᠨ ᠵᠢᠷᠣᠬᠡᠨ ᠳᠤ ᠯᠧᠨᠢᠨ ᠤ ᠲᠤᠭ ᠢ ᠥᠨᠳᠣᠷ ᠮᠠᠨᠳᠣᠭᠤᠯᠣᠭᠰᠠᠨ        ᠠᠷᠠᠳ ᠤᠨ ᠬᠠᠶᠢᠷ᠎ᠠ ᠪᠠᠷ ᠦᠷᠭᠡᠵᠢᠨ ᠲᠡᠯᠭᠡᠷᠡᠭᠴᠢ ᠬᠤᠪᠢᠰᠬᠠᠯ ᠤᠨ ᠲᠥᠪ               ᠡᠨᠡ  ᠪᠣᠯ ᠠᠷᠠᠳ ᠤᠨ ᠰᠢᠨ᠎ᠡ ᠨᠠᠶᠢᠰᠯᠠᠯ᠂ ᠠᠯᠳᠠᠷᠳᠣ ᠤᠯᠠᠭᠠᠨᠪᠠᠭᠠᠳᠣᠷ——————————① ᠰ᠊  ᠰ᠊ ᠰ᠊ ‍ᠷ᠄ ᠵᠥᠪᠯᠡᠯᠳᠣ ᠬᠤᠯᠪᠣᠭᠠᠳᠣ ᠤᠯᠣᠰ ᠤᠨ ᠣᠷᠣᠰ ᠨᠡᠷ᠎ᠡ ᠶᠢᠨ ᠲᠤᠪᠴᠢᠯᠠᠯ                                                         1946.11.9
 
ᠢᠷᠡᠯᠲᠡ᠄ ᠡᠷᠢᠶᠡᠨ ᠬᠤᠲᠠ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号