| | | | | | | | | ᠰᠢᠯᠢ ᠶᠢᠨ ᠪᠣᠭᠳᠠ ᠠᠭᠤᠯᠠ | | | ᠰᠢᠯᠢ ᠶᠢᠨ ᠪᠣᠭᠳᠠ ᠠᠭᠤᠯᠠ | ᠰᠦᠨᠦᠭᠰᠡᠨ ᠭᠠᠯᠳᠦ ᠠᠭᠤᠯᠠ ᠪᠠᠶᠢᠨ᠎ᠠ | ᠰᠢᠯᠢ ᠶᠢᠨ ᠪᠣᠭᠳᠠ ᠠᠭᠤᠯᠠ | ᠠᠮᠢᠯᠠᠭᠰᠠᠨ ᠰᠠᠶᠢᠬᠠᠨ ᠳᠣᠮᠤᠭ ᠪᠠᠶᠢᠨ᠎ᠠ᠂ | ᠰᠢᠯᠢ ᠶᠢᠨ ᠪᠣᠭᠳᠠ ᠠᠭᠤᠯᠠᠨ ᠳᠤ | ᠰᠠᠷ᠎ᠠ ᠬᠡᠬᠡᠷ᠎ᠡ ᠬᠤᠨᠣᠨ᠎ᠠ | ᠰᠢᠯᠢ ᠶᠢᠨ ᠪᠣᠭᠳᠠ ᠠᠭᠤᠯᠠᠨ ᠳᠤ | ᠰᠠᠳᠬᠢᠯ ᠬᠤᠷᠣᠭᠳᠠᠨ ᠦᠯᠡᠳᠡᠨ᠎ᠡ᠃ | ᠰᠢᠯᠢ ᠶᠢᠨ ᠪᠣᠭᠳᠠ ᠠᠭᠤᠯᠠ | ᠳᠠᠯ᠎ᠠ ᠶᠢᠨ ᠨᠠᠮᠠᠬᠠᠨ ᠠᠭᠤᠯᠠ ᠶᠤᠮ | ᠰᠢᠯᠢ ᠶᠢᠨ ᠪᠣᠭᠳᠠ ᠠᠭᠤᠯᠠ | ᠳᠣᠮᠤᠭ ᠤᠨ ᠦᠨᠳᠣᠷ ᠠᠭᠤᠯᠠ ᠶᠤᠮ᠂ | ᠣᠶᠢᠷ᠎ᠠ ᠣᠷᠴᠢᠮ ᠠᠴᠠ ᠨᠢ ᠬᠠᠷᠠᠬᠤ ᠳᠤ | ᠣᠭᠤᠨᠢ ᠶᠢᠨ ᠡᠪᠡᠷ ᠴᠣᠬᠤᠶᠢᠮᠣᠷ | ᠳᠣᠷᠣᠢ ᠪᠠᠨᠳᠢ ᠶᠢ ᠨᠢᠭᠤᠮᠠᠷ | ᠳᠣᠣᠭᠤᠷᠢ ᠶᠢᠨ ᠴᠢᠨᠡᠬᠡᠨ ᠨᠠᠮᠠᠬᠠᠨ ᠶᠤᠮ᠃ | ᠣᠷᠣᠢ ᠳᠡᠭᠡᠷ᠎ᠡ ᠨᠢ ᠭᠠᠷᠬᠤ ᠳᠤ | ᠣᠷᠴᠢᠯᠠᠩ ᠤᠨ ᠵᠠᠬ᠎ᠠ ᠬᠠᠷᠠᠭᠳᠠᠬᠤ ᠪᠠᠷ | ᠰᠦᠮᠡᠢ ᠶᠡᠭᠡ ᠠᠵᠠ ᠬᠡᠷᠡᠯᠳᠣᠨ | ᠰᠦᠮᠪᠣᠷ ᠶᠡᠭᠡ ᠦᠨᠳᠣᠷ ᠶᠤᠮ᠂ | ᠣᠷᠬᠢᠯ ᠳᠡᠭᠡᠷ᠎ᠡ ᠨᠢ ᠭᠠᠷᠣᠭᠠᠳ | ᠣᠶᠢᠷᠠᠳᠣᠵᠦ ᠵᠢᠭᠠᠬᠠᠨ ᠰᠠᠭᠤᠬᠤᠯᠠᠷ | ᠳᠡᠷᠭᠡᠯ ᠰᠠᠷ᠎ᠠ ᠶᠢ ᠬᠦᠷᠳᠡᠯ᠎ᠡ | ᠳᠡᠪᠡᠷᠢᠵᠦ ᠪᠣᠯᠬᠤᠷ ᠳᠣᠭᠳᠣᠯᠠᠬᠤ ᠶᠤᠮ᠃ | ᠣᠪᠣᠭᠠᠨ ᠤ ᠴᠢᠯᠠᠭᠤ ᠶᠢ ᠳᠦᠰᠢᠬᠡᠳ | ᠣᠯᠠᠨ ᠶᠠᠭᠤᠮ᠎ᠠ ᠶᠢ ᠪᠣᠳᠣᠬᠤᠯᠠᠷ | ᠳᠣᠷᠣᠢ ᠪᠠᠨᠳᠢ ᠶᠢᠨ ᠪᠠᠷᠠᠭ᠎ᠠ | ᠳᠣᠷᠣᠶᠢᠵᠦ ᠬᠠᠷᠠᠭᠳᠠᠬᠤ ᠰᠢᠭ᠋ ᠪᠣᠯᠬᠤ ᠶᠤᠮ ᠡ ᠃ | ᠳᠣᠮᠤᠭ ᠤᠨ ᠰᠠᠶᠢᠬᠠᠨ ᠨᠣᠳᠤᠭ ᠲᠠᠢ | ᠮᠣᠩᠭᠤᠯ ᠤᠨ ᠰᠠᠶᠢᠬᠠᠨ ᠣᠷᠣᠨ ᠳᠤ | ᠡᠷ᠎ᠡ ᠬᠦᠮᠦᠨ ᠪᠣᠯᠵᠦ ᠳᠦᠷᠦᠭᠰᠡᠨ ᠤ | ᠬᠡᠷᠡᠭ ᠨᠢ ᠶᠠᠭᠤ ᠪᠢᠯᠡ ᠂ | ᠮᠠᠨ ᠤ ᠨᠣᠳᠤᠭ ᠲᠤ ᠬᠡᠷᠪᠡ | ᠵᠠᠮ ᠤᠨ ᠬᠦᠵᠦᠬᠦᠣ ᠳᠠᠭᠠᠷᠠᠪᠡᠯ | ᠣᠷᠣᠢ ᠳᠡᠭᠡᠷ᠎ᠡ ᠨᠢ ᠨᠢᠭᠡ | ᠭᠠᠷᠣᠭᠠᠳ ᠦᠵᠡᠮᠡᠷ ᠠᠭᠤᠯᠠ ᠪᠠᠶᠢᠨ᠎ᠠ᠂ | ᠰᠢᠯᠢ ᠶᠢᠨ ᠪᠣᠭᠳᠠ ᠠᠭᠤᠯᠠ | ᠳᠠᠯ᠎ᠠ ᠶᠢᠨ ᠨᠠᠮᠠᠬᠠᠨ ᠠᠭᠤᠯᠠ ᠶᠤᠮ | ᠰᠢᠯᠢ ᠶᠢᠨ ᠪᠣᠭᠳᠠ ᠠᠭᠤᠯᠠ | ᠳᠣᠮᠤᠭ ᠤᠨ ᠦᠨᠳᠣᠷ ᠠᠭᠤᠯᠠ ᠶᠤᠮ | ᠰᠢᠯᠢ ᠶᠢᠨ ᠪᠣᠭᠳᠠ ᠠᠭᠤᠯᠠᠨ ᠳᠤ | ᠰᠠᠷ᠎ᠠ ᠬᠡᠬᠡᠷ᠎ᠡ ᠬᠤᠨᠣᠨ᠎ᠠ | ᠰᠢᠯᠢ ᠶᠢᠨ ᠪᠣᠭᠳᠠ ᠠᠭᠤᠯᠠᠨ ᠳᠤ | ᠰᠡᠳᠬᠢᠯ ᠬᠤᠷᠣᠭᠳᠠᠨ ᠦᠯᠡᠳᠡᠨ᠎ᠡ᠃ | ︵ ᠸᠢᠴᠠᠲ ᠳᠠᠪᠴᠠᠩ ᠠᠴᠠ ᠬᠦᠷᠪᠡᠬᠦᠯᠪᠡ︶ | |