ᠮᠣᠷᠢ | | | — ᠬᠥᠯᠭᠡ ᠂ ᠮᠠᠰᠢᠨ᠂ ᠭᠠᠯᠳᠤ ᠂ ᠨᠢᠰᠭᠡᠯ᠂ ᠳᠠᠭᠠᠭᠤᠯᠢ᠂ | ᠰᠠᠨᠰᠠᠷ ᠤᠨ ᠤᠩᠭᠤᠴᠠ ᠪᠦᠷ ᠴᠢᠨᠤ ᠠᠴᠢ᠂ ᠵᠢᠴᠢ ᠪᠢᠯᠡ | | | | ᠳᠠᠷᠴᠢᠳ ᠡᠯᠬᠡᠩᠭᠡ | | | | | | | | | | | | | | ᠨᠢᠭᠡ | | | ᠬᠠᠮᠤᠭ ᠠᠩᠬ᠎ᠠ ᠨᠠᠮᠠᠢᠢ | ᠬᠠᠮᠤᠭ ᠦᠨᠳᠤᠷ ᠲᠤ ᠠᠪᠠᠷᠢᠭᠤᠯᠤᠭᠰᠠᠨ | ᠭᠡᠷᠡᠯ | ᠬᠠᠮᠤᠭ ᠠᠩᠬ᠎ᠠ ᠨᠠᠮᠠᠢᠢ | ᠬᠠᠮᠤᠭ ᠦᠨᠳᠤᠷ ᠠᠴᠠ ᠦᠢᠴᠢᠭᠤᠯᠤᠭᠰᠠᠨ | ᠰᠠᠷᠠᠯ | ᠮᠢᠨᠤ — | ᠤᠷᠤᠭᠤ ᠪᠠᠨ ᠦᠷᠭᠦᠭᠰᠡᠨ | ᠤᠰᠤ ᠭᠤᠤᠯ | ᠦᠭᠡᠳᠡ ᠪᠠᠨ ᠥᠶᠡᠷᠯᠡᠭᠰᠡᠨ | ᠠᠭᠤᠯᠠ ᠲᠠᠯ᠎ᠠ | ᠮᠢᠨᠤ — | ᠰᠠᠭᠤᠯᠠᠭᠠᠨ ᠠᠴᠠ ᠲᠡᠪᠬᠢᠯᠳᠤᠭᠰᠠᠨ | ᠰᠦ | ᠲᠤᠳᠤᠭᠤᠨ ᠠᠴᠠ ᠳᠣᠭᠯᠠᠯᠳᠠᠭᠰᠠᠨ | ᠱᠤ | ᠮᠢᠨᠤ — | ᠶᠠᠰᠣ᠂ ᠮᠢᠬ᠎ᠠ | ᠰᠦᠰᠦ᠂ ᠰᠥᠨᠡᠰᠣ | ᠮᠢᠨᠤ — | ᠪᠤᠰᠤᠭ᠎ᠠ ᠰᠡᠭᠦᠳᠡᠷ | ᠪᠤᠷᠤᠬᠠᠨ ᠰᠡᠭᠦᠷᠡᠰᠤ | ᠮᠢᠨᠤ ᠪᠢᠴᠢᠵᠤ ᠴᠢᠳᠠᠭᠠᠳᠤᠢ | ᠰᠢᠯᠦᠭ | ᠮᠢᠨᠤ ᠴᠡᠯᠮᠠᠵᠤ ᠳᠥᠭᠦᠷᠡᠭᠡᠳᠣᠢ | ᠪᠢᠯᠢᠭ | ᠨᠠᠮᠠᠢᠢ ᠬᠡᠶᠢᠷᠬᠡᠬᠦᠯᠵᠤ | ᠬᠠᠯᠢᠮᠤ ᠪᠤᠯᠭᠠᠨ ᠴᠤᠯᠬᠢᠭᠤᠯᠤᠭᠰᠠᠨ | ᠡᠷᠳᠡᠨ ᠤ ᠨᠤᠮᠤᠬᠠᠨ ᠳᠠᠯᠠᠢ | ᠨᠠᠮᠠᠢᠢ ᠬᠡᠮᠰᠢᠬᠦᠯᠵᠤ | ᠬᠢᠰᠤᠭ᠎ᠠ ᠪᠤᠯᠭᠠᠨ ᠴᠠᠯᠠᠭᠠᠶᠢᠳᠠᠭᠤᠯᠤᠭᠰᠠᠨ | ᠡᠨᠡᠭᠡᠨ ᠤ ᠲᠤᠭᠰᠢᠨ ᠳᠠᠳᠠᠷᠠᠯᠳᠠ | ᠵᠠᠭᠤᠨ ᠲᠦᠮᠡᠨ ᠢᠵᠢᠯᠢ ᠳᠡᠭᠡᠨ | ᠤᠩᠭᠤᠨ ᠪᠤᠯᠬᠢᠭᠠ ᠰᠠᠯᠬᠢ | ᠵᠢᠷᠤᠭᠴᠢ ᠦᠬᠢᠨ ᠤ ᠮᠢᠨᠢ | ᠪᠢᠷ ᠤᠨ ᠦᠵᠦᠭᠦᠷ ᠲᠤ | ᠠᠭᠰᠤᠮᠨᠠᠵᠤ ᠬᠦᠨᠳᠤᠷᠤᠭᠡ ᠠᠶᠣᠩᠭ᠎ᠠ | ᠨᠠᠮᠠᠢᠢ ᠪᠠᠯᠠᠷᠯᠢᠭ ᠤᠢ ᠠᠴᠠ | ᠨᠠᠳᠬᠤᠵᠤ ᠰᠢᠳᠡᠭᠰᠡᠨ | ᠭᠠᠯ | ᠨᠠᠮᠠᠢᠢ ᠭᠠᠶᠢᠬᠠᠮᠰᠢᠭᠳᠤ ᠤᠷᠴᠢᠯᠠᠩ ᠳᠤ | ᠬᠠᠷᠪᠤᠵᠤ ᠭᠠᠷᠭᠠᠬᠤ | ᠲᠠᠭᠠᠭᠤᠯᠢ | | ᠬᠤᠶᠠᠷ | | | ᠲᠠᠭᠠᠷᠠᠬᠤ ᠶᠢᠨ | ᠲᠠᠭᠵᠢᠬᠤ ᠶᠢᠨ | ᠬᠦᠯᠳᠡᠬᠦ ᠶᠢᠨ | ᠬᠦᠯ ᠦᠭᠡᠢ ᠶᠡᠭᠡ ᠵᠢᠷᠭᠠᠯ ᠡᠳ᠋ᠯᠡᠬᠦᠯᠦᠭᠰᠡᠨ | ᠨᠠᠷᠠ— | ᠲᠦᠭᠡᠷᠢᠬᠦ ᠶᠢᠨ | ᠡᠷᠢᠭᠳᠡᠬᠦ ᠶᠢᠨ | ᠡᠩᠰᠡᠷᠡᠬᠦ ᠶᠢᠨ | ᠬᠠᠶ᠋ᠢᠭ ᠦᠭᠡᠢ ᠢᠯᠭᠤᠮ ᠢᠨᠠᠭᠯᠠᠯ ᠬᠠᠶᠢᠷᠠᠯᠠᠭᠰᠠᠨ | ᠰᠠᠷ᠎ᠠ— | ᠲᠤᠭᠠᠯᠠᠬᠤ ᠶᠢᠨ | ᠲᠤᠷᠠᠯᠠᠬᠤ ᠶᠢᠨ | ᠲᠠᠭᠤᠯᠠᠬᠤ ᠶᠢᠨ | ᠡᠩ ᠦᠭᠡᠢ ᠵᠤᠪᠠᠯᠠᠩ ᠡᠪᠤᠷᠯᠡᠬᠦᠯᠦᠭᠰᠡᠨ | ᠤᠳᠤ — | ᠵᠢᠪᠬᠦ ᠶᠢᠨ | ᠬᠥᠪᠬᠦ ᠶᠢᠨ | ᠵᠦᠰᠡᠬᠦ ᠶᠢᠨ | ᠨᠡᠷ᠎ᠡ ᠦᠭᠡᠢ ᠲᠠᠮᠢᠷ ᠲᠠᠨᠢᠭᠤᠯᠤᠭᠰᠠᠨ | ᠵᠢᠭᠠᠰᠤ— | ᠤᠭᠳᠠᠷᠭᠤᠢ ᠶᠢᠨ ᠮᠢᠨᠢ ᠴᠡᠭᠡᠯ ᠳᠤ | ᠴᠡᠴᠡᠭ ᠤᠨ ᠦᠨᠦᠷ ᠢᠶᠠᠷ | ᠨᠠᠮᠢᠷᠠᠬᠤ ᠶᠢ ᠨᠢ ᠬᠠᠷᠠᠵᠤ | ᠪᠡᠯᠴᠢᠭᠡᠷ ᠤᠨ ᠮᠢᠨᠢ ᠬᠦᠨ ᠳᠤ | ᠴᠡᠩᠭᠡᠷ ᠠᠮᠢᠰᠬᠤᠯ ᠢᠶᠠᠷ | ᠢᠨᠴᠠᠭᠠᠬᠤ ᠶᠢ ᠨᠢ ᠴᠢᠩᠨᠠᠵᠤ | ᠨᠠᠷᠠᠳᠤ ᠳᠤ ᠵᠢᠷᠭᠠᠬᠤ ᠶᠠᠰᠤ ᠮᠢᠨᠢ | ᠨᠠᠷᠠ ᠲᠠᠢ ᠪᠠᠨ ᠴᠤᠭ ᠨᠢᠯᠴᠢᠬᠢᠨᠡᠨ᠎ᠡ ᠳ᠋ᠠ | | | ᠭᠤᠷᠪᠠ | | | ᠨᠠᠮᠠᠢᠢ ᠬᠢᠵᠠᠭᠠᠷ ᠦᠭᠡᠢ ᠤᠷᠤᠨ ᠵᠠᠢ ᠳᠤ | ᠵᠤᠰᠠᠭᠠᠭᠰᠠᠨ ᠰᠤᠳᠤᠷ ᠤᠨ ᠠᠲ᠋ᠤᠮ | ᠨᠠᠮᠠᠢᠢ ᠬᠤᠷᠠᠭᠠᠨ ᠪᠡᠯᠴᠢᠭᠡᠷ ᠲᠤ ᠮᠢᠨᠢ | ᠦᠯᠴᠢᠷᠭᠡᠭᠰᠡᠨ ᠴᠢᠳᠤᠷ ᠤᠨ ᠤᠳᠤᠮ | ᠲᠡᠷᠢᠬᠦᠯᠡᠵᠤ ᠶᠠᠪᠤᠭᠰᠠᠳ ᠤᠨ ᠮᠢᠨᠢ | ᠦᠭᠡᠯᠡᠵᠤ ᠲᠠᠯᠪᠢᠬᠤ ᠦᠭᠡᠢ | ᠲᠠᠯ ᠲᠠᠢ ᠦᠯᠦᠭᠡᠢ | ᠲᠦᠷᠦᠭᠡᠳᠤᠢ ᠬᠡᠤᠬᠡᠳ ᠤᠳ ᠤᠨ ᠮᠢᠨᠢ | ᠦᠮᠴᠢᠷᠬᠡᠵᠤ ᠬᠦᠷᠬᠦ ᠦᠭᠡᠢ | ᠰᠠᠯ ᠲᠠᠢ ᠬᠦᠰᠡᠬᠦᠢ | ᠦᠰᠬᠦ ᠨᠠᠰᠤᠨ ᠳᠤ | ᠪᠤᠷᠭᠠᠰᠤ ᠪᠠᠷ ᠪᠡᠯᠭᠡᠳᠡᠬᠦᠯᠵᠤ | ᠭᠠᠵᠠᠷ ᠬᠠᠭᠠᠷᠠᠳᠠᠯ᠎ᠠ ᠵᠢᠷᠬᠢᠬᠦᠯᠦᠭᠰᠡᠨ | ᠵᠦᠢᠯ ᠤᠨ ᠭᠠᠩᠭᠠᠩ ᠪᠠᠶᠠᠰᠬᠤᠯᠠᠩ | ᠥᠳᠡᠯᠬᠦ ᠬᠢᠷᠢᠨ ᠳᠤ | ᠪᠤᠷᠬᠠᠨ ᠢᠶᠠᠷ ᠰᠢᠳᠦᠭᠳᠡᠵᠤ | ᠬᠤᠷᠭᠤ ᠦᠨᠳᠡᠯᠵᠡᠳᠡᠯᠡ ᠲᠠᠬᠢᠭᠳᠠᠭᠰᠠᠨ | ᠦᠢᠯᠡ ᠶᠢᠨ ᠭᠠᠰᠢᠭᠤᠨ ᠦᠵᠡᠰᠬᠦᠯᠡᠩ | | | ᠲᠦᠷᠪᠡ | | | ᠱᠠᠩᠬᠤ ᠰᠠᠶᠢᠬᠠᠨ ᠲᠡᠯ ᠤᠨ ᠴᠢᠨᠢ | ᠰᠡᠪᠡᠯᠭᠡ ᠲᠡᠭᠡᠭᠦᠷ | ᠰᠡᠤᠬᠡ ᠶᠢᠨ ᠮᠢᠨᠢ ᠴᠦᠷᠬᠡᠯᠡᠭᠡ | ᠱᠤᠤᠬᠢᠨ ᠤᠷᠤᠰᠤᠨ᠎ᠠ | ᠬᠤᠩᠭᠤᠷ ᠬᠤᠮᠤᠯ ᠢ ᠴᠢᠨᠢ ᠲᠡᠭᠦᠵᠤ | ᠬᠡᠤᠬᠡᠳ ᠲᠡᠭᠡᠨ ᠪᠢ | ᠲᠡᠤᠬᠡ ᠶᠢᠨ ᠬᠤᠷᠠᠵᠠ ᠨᠠᠷᠡᠵᠤ | ᠬᠤᠷᠤᠭᠠᠨ ᠳᠠᠭᠠᠨ ᠪᠤᠯᠠᠵᠤ ᠲᠠᠯᠪᠢᠯ᠎ᠠ | ᠲᠠᠤᠯᠠᠢ ᠶᠢᠨ ᠰᠠᠶᠢᠬᠠᠨ ᠵᠤ ᠶᠢᠨ ᠴᠢᠨᠢ | ᠵᠡᠭᠦᠨ ᠪᠠᠷᠠᠭᠤᠨ ᠳᠡᠭᠡᠷ᠎ᠡ ᠤᠨᠳᠦᠷᠴᠦ | ᠵᠤᠪᠠᠵᠤ ᠵᠢᠷᠭᠠᠬᠤ ᠬᠤᠷᠸ᠎ᠠ ᠶᠢᠨ | ᠵᠤᠷ ᠲᠤ ᠪᠢ ᠨᠡᠪᠳᠡᠷᠡᠭᠰᠡᠨ | ᠲᠤᠭᠤᠷᠠᠢ ᠶᠢᠨ ᠬᠦᠨᠳᠤᠭᠡᠨ ᠤᠷᠣᠮ ᠠᠴᠠ ᠴᠢᠨᠢ | ᠲᠤᠯᠭ᠎ᠠ ᠶᠢᠨ ᠮᠢᠨᠢ ᠪᠠᠭᠤᠴᠠ ᠬᠠᠩᠬᠤᠯᠵᠤ | ᠠᠽᠢ ᠂ ᠡᠸᠦ᠋ᠷᠤᠫᠠ ᠶᠢ ᠪᠢ | ᠠᠯᠠᠭᠠᠨ ᠳᠡᠭᠡᠷ᠎ᠡ ᠪᠠᠨ ᠡᠩᠭᠦᠷᠡᠶᠢᠯᠡᠭᠰᠡᠨ | ᠲᠡᠪᠬᠢᠵᠤ ᠠᠶᠢᠰᠤᠢ | ᠲᠠᠷᠠᠭᠠᠴᠢ ᠵᠠᠭᠤᠨ ᠤ | ᠲᠠᠩᠬᠢᠯ ᠢᠨᠠᠭ ᠡᠳᠤᠷ ᠤᠳ | ᠰᠤᠪᠤᠷᠭᠠᠨ ᠬᠤᠶᠠᠷ ᠴᠢᠬᠢᠨ ᠠᠴᠠ ᠴᠢᠨᠢ | ᠰᠢᠭᠤᠶᠢᠷᠠᠨ ᠪᠣᠰᠣᠨ᠎ᠠ | ᠲᠠᠬᠢᠵᠤ ᠢᠷᠡᠬᠦ ᠦᠭᠡᠢ | ᠡᠪᠦᠭᠡᠨ ᠪᠤᠭᠤᠷᠤᠯ ᠵᠢᠯ ᠤᠳ ᠤᠨ | ᠦᠯ ᠬᠠᠯᠵᠠᠨ ᠬᠤᠨᠤᠭ ᠤᠳ | ᠲᠤᠷᠠᠨ ᠬᠠᠷ᠎ᠠ ᠨᠢᠳᠤᠨ ᠠᠴᠠ ᠴᠢᠨᠢ | ᠲᠠᠭᠤ ᠲᠠᠢ ᠱᠤᠤ ᠲᠠᠢ ᠪᠠᠨ ᠮᠠᠯᠳᠠᠷᠠᠨᠡ | ᠤᠰᠤᠨ ᠲᠠᠯᠢᠮᠠᠨ ᠬᠠᠳᠠᠷᠢ ᠳᠡᠭᠡᠷ᠎ᠡ ᠴᠢᠨᠢ | ᠤᠷᠳᠤ ᠶᠢᠨ ᠲᠠᠭᠤᠤ ᠮᠢᠨᠢ ᠭᠤᠩᠬᠠᠵᠤ | ᠤᠯᠢᠶᠠᠷᠬᠠᠭ ᠵᠤᠨ ᠤ ᠦᠳᠡᠰᠢ ᠨᠦᠭᠦᠳ | ᠠᠯᠢᠶᠠᠷᠬᠠᠭ ᠬᠡᠪ ᠢᠶᠠᠷ ᠢᠶᠠᠨ ᠳᠠᠩᠬᠢᠯᠵᠠᠨᠠ | ᠠᠭᠠᠷ ᠡᠮᠳᠡᠷᠡᠮ᠎ᠡ ᠢᠨᠴᠠᠭᠠᠯ ᠢᠶᠠᠷ ᠴᠢᠨᠢ | ᠠᠳᠠᠷ ᠤᠨ ᠠᠶᠠᠰ ᠤᠳ ᠵᠠᠳᠠᠷᠠᠵᠤ | ᠠᠮᠢᠳᠤᠷᠠᠯ ᠤᠨ ᠮᠢᠨᠢ ᠠᠶᠢᠵᠠᠮ | ᠠᠯᠠᠭᠬᠠᠨ ᠬᠠᠩᠭᠠᠢ ᠮᠢᠨᠢ ᠳᠡᠪᠢᠯᠴᠡᠨᠡ | | | ᠲᠠᠪᠤ | | | ᠡᠷᠢᠶᠡᠨ ᠪᠠᠷᠠᠭᠠᠨ ᠶᠢᠷᠲᠢᠨᠴᠤ ᠶᠢᠨ | ᠡᠩᠬᠦᠯ ᠲᠤᠩᠬᠤᠯ ᠪᠤᠱᠤᠭ᠎ᠠ ᠶᠢ | ᠦᠶ᠎ᠡ ᠪᠦᠬᠦᠨ ᠤ ᠴᠢᠨᠢ ᠡᠷᠬᠢᠭᠦᠯᠭᠡ ᠪᠠᠷ | ᠦᠷᠯᠦᠭᠡ ᠦᠳᠡᠰᠢ ᠦᠭᠡᠢ ᠵᠢᠭᠠᠯᠭᠠᠭᠰᠠᠭᠠᠷ | ᠠᠯᠬᠤᠯ᠎ᠠ ᠪᠢ | ᠬᠦᠭᠰᠢᠷᠡᠵᠤ᠂ ᠭᠥᠯᠤᠭ᠍ᠯᠡᠬᠦ | ᠬᠦᠮᠤᠨ᠂ ᠪᠠᠶᠢᠭᠠᠯᠢ ᠶᠢᠨ | ᠵᠠᠮ ᠠᠴᠠ ᠬᠠᠳᠤᠤᠷᠠᠬᠰᠠᠨ | ᠵᠢᠮ᠎ᠡ ᠠᠴᠠ ᠬᠠᠭᠳᠠᠷᠠᠭᠰᠠᠨ ᠪᠦᠬᠦᠨ ᠢ | ᠱᠦᠬᠦᠷᠳᠡᠶᠡ ᠬᠡᠮᠡᠨ | ᠲᠤᠭ ᠰᠠᠶᠢᠬᠠᠨ ᠰᠡᠬᠦᠯ ᠢ ᠴᠢᠨᠢ | ᠲᠤᠤᠵᠤᠤ ᠪᠠᠭᠰᠢ ᠲᠠᠬᠢᠯᠡ ᠪᠢ | ᠬᠤᠶᠠᠷ ᠵᠤᠪᠬᠢᠨ ᠠᠴᠠ ᠴᠢᠨᠢ ᠬᠡᠯᠬᠢᠶᠡᠷᠯᠡᠭᠰᠡᠨ | ᠬᠤᠯᠠ ᠶᠢ ᠵᠤᠷᠢᠭᠰᠠᠨ ᠪᠤᠳᠤᠯ ᠴᠢᠨᠢ | ᠡᠬᠡ ᠶᠢᠨ ᠪᠦᠪᠡᠢ ᠲᠠᠢ ᠳᠡᠯᠡᠭᠡᠢ ᠪᠠᠨ | ᠡᠯᠢᠭᠡ ᠪᠦᠳᠤᠨ ᠢᠶᠠᠷ ᠴᠢᠮᠡᠬᠦ | ᠡᠵᠢ ᠶᠢᠨ ᠴᠠᠭᠠᠨ ᠰᠠᠨᠠᠭ᠎ᠠ | ᠡᠩᠭᠡ ᠶᠢᠨ ᠰᠤᠨᠳᠤᠷ ᠬᠢᠯᠠᠯᠵᠠᠨ᠎ᠠ ᠡ | ᠠᠩᠬᠢᠷᠬᠠᠨ ᠬᠦᠯᠦᠰᠤ ᠶᠢ ᠴᠢᠨᠢ ᠢᠯᠪᠢᠵᠣ | ᠠᠳᠠᠷᠠᠭᠠᠨ ᠱᠠᠳᠠᠷᠠᠭᠠᠨ ᠠᠶᠠᠨ ᠳᠤ | ᠠᠳᠤᠷᠢᠵᠤ ᠰᠦᠭᠦᠷᠦᠨ | ᠦᠰᠦ ᠪᠠᠨ ᠪᠢ ᠴᠠᠶᠢᠯᠭᠠᠬᠤ ᠦᠭᠡᠢ | ᠮᠢᠷᠠᠯᠵᠠᠭᠰᠠᠨ ᠰᠠᠭᠯᠠᠭ᠎ᠠ ᠶᠢ ᠴᠢᠨᠢ ᠲᠡᠪᠡᠷᠢᠵᠤ | ᠮᠢᠨᠵᠢ ᠶᠢᠨ ᠬᠠᠩᠭᠠᠢ ᠶᠢᠨ ᠲᠠᠪᠠᠭᠠᠨ ᠳᠡᠭᠡᠷ᠎ᠡ | ᠦᠭᠰᠤᠵᠤ ᠤᠷᠤᠭᠤᠳᠠᠨ | ᠦᠦᠷ ᠢᠶᠠᠨ ᠪᠢ ᠴᠠᠶᠢᠯᠭᠠᠨ᠎ᠠ ᠳ᠋ᠠ | | | ᠵᠢᠷᠭᠤᠭ᠎ᠠ | | | ᠦᠷᠭᠡᠷᠢᠭ ᠮᠢᠨᠢ | ᠲᠦᠢᠯ ᠤᠨ ᠦᠭᠬᠦᠨᠴᠡᠷ | ᠦᠷᠭᠡᠷᠢᠭ ᠮᠢᠨᠢ | ᠠᠪᠤ ᠶᠢᠨ ᠮᠢᠨᠢ ᠪᠤᠶᠠᠨ ᠢ | ᠠᠷᠪᠠᠨ ᠵᠦᠭ ᠲᠤ ᠲᠦᠭᠡᠭᠡᠭᠰᠡᠨ | ᠠᠯᠳᠠᠰᠢ ᠪᠠ ᠤᠨᠤᠰᠢ ᠶᠢ ᠴᠢᠨᠢ | ᠲᠡᠤᠬᠡ ᠶᠢᠨ ᠠᠯᠳᠠᠨ ᠺᠠᠷᠲ ᠲᠤ | ᠲᠢᠪ ᠬᠡᠳᠡᠶᠢᠳᠡᠯᠡ ᠱᠤᠭᠤᠬᠤ | ᠲᠡᠷᠡ ᠴᠠᠭ | ᠪᠠᠶᠢᠭᠠᠯᠢ ᠶᠢᠨ ᠴᠠᠭ | ᠪᠤᠳᠠᠰ ᠤᠨ ᠴᠠᠭ | ᠦᠨᠳᠦᠷᠯᠢᠭ ᠮᠢᠨᠢ | ᠤᠤᠯ ᠤᠨ ᠠᠬ᠎ᠠ ᠲᠡᠭᠦᠨᠴᠡᠷ | ᠦᠨᠳᠦᠷᠯᠢᠭ ᠮᠢᠨᠢ | ᠭᠠᠳᠠᠭᠠᠳᠤ ᠲᠠᠯᠠᠢ ᠶᠢᠨ ᠡᠷᠬᠢ ᠠᠴᠠ | ᠭᠠᠨᠵᠤᠭ᠎ᠠ ᠲᠦᠭᠦᠷᠡᠩ ᠡᠷᠭᠢᠭᠰᠡᠨ | ᠴᠤᠪᠬᠤᠴᠠᠯ ᠪᠠ ᠴᠤᠷᠳᠠᠯ ᠢ ᠴᠢᠨᠢ | ᠭᠠᠷᠠᠭ ᠪᠦᠷᠢ ᠶᠢᠨ ᠰᠤᠨᠢᠨ ᠳᠡᠭᠡᠷ᠎ᠡ | ᠭᠠᠷᠴᠠᠭ ᠦᠭᠡᠢ ᠨᠠᠶᠢᠳᠡᠯᠡᠬᠦ | ᠡᠨᠡ ᠡᠷᠡᠨ | ᠡᠷᠢᠯ ᠤᠨ ᠡᠷᠡᠨ | ᠡᠰᠡᠨᠢᠯ ᠤᠨ ᠡᠷᠡᠨ | | | ᠲᠤᠯᠤᠭ᠎ᠠ | | | ᠦᠶ᠎ᠡ ᠤᠳᠤᠮ ᠢᠶᠠᠷ ᠢᠶᠠᠨ | ᠤᠩᠰᠢᠵᠤ ᠪᠠᠷᠠᠬᠤ ᠦᠭᠡᠢ | ᠤᠬᠠᠭᠠᠵᠠᠵᠤ ᠭᠥᠢᠴᠡᠬᠦ ᠦᠭᠡᠢ | ᠡᠮᠨᠢᠭ ᠦᠤᠷᠰᠡᠯ— | ᠡᠷᠬᠢᠨ᠎ᠡ ᠬᠤᠨ ᠮᠢᠨᠢ | ᠡᠯᠢᠭᠡᠨ ᠬᠦᠷᠡᠩ ᠲᠦᠪᠡᠷᠭᠡᠨ ᠤ ᠴᠢᠨᠢ ᠴᠢᠮᠡᠭᠡ | ᠡᠰ ᠪᠦᠬᠦᠨ ᠳᠤ ᠮᠢᠨᠢ ᠤᠶᠠᠩᠭᠠᠷᠠᠵᠤ | ᠡᠷ᠎ᠡ ᠪᠤᠷᠤ ᠬᠠᠷᠴᠠᠭᠠᠢ ᠮᠢᠨᠢ | ᠡᠬᠦᠷᠢᠳᠡ ᠵᠤᠭᠰᠤᠭ᠎ᠠ ᠰᠢᠷᠦᠩᠬᠠᠶᠢᠯᠠᠨᠠ | ᠤᠯᠠᠨ ᠶᠠᠰᠤᠳᠠᠨ | ᠤᠮᠪᠠᠵᠤ ᠬᠠᠩᠬᠤ ᠦᠭᠡᠢ | ᠤᠬᠢᠶᠠᠵᠤ ᠡᠶᠡᠷᠰᠢᠬᠦ ᠦᠭᠡᠢ | ᠰᠦᠷᠯᠢᠭ ᠲᠡᠪᠬᠢᠭᠠ— | ᠡᠷᠭᠦᠨ᠎ᠡ ᠭᠤᠤᠯ ᠮᠢᠨᠢ | ᠲᠦᠯᠭᠡᠨ ᠬᠠᠯᠢᠭᠤᠨ ᠬᠦᠬᠦᠳᠤᠨᠡᠯ ᠴᠢᠨᠢ | ᠤᠷᠭᠤᠮᠠᠯ ᠪᠦᠬᠦᠨ ᠤ ᠦᠨᠳᠤᠰᠤᠨ ᠳᠤ ᠴᠠᠯᠬᠢᠯᠠᠵᠤ | ᠤᠨᠠᠭᠠᠨ ᠴᠡᠴᠡᠭᠡᠢ ᠪᠦᠮᠪᠦᠷᠴᠡᠭ ᠮᠢᠨᠢ | ᠤᠷᠴᠢᠯᠠᠩ ᠤᠨ ᠵᠠᠢ ᠳᠠᠭᠠᠨ ᠤᠷᠢᠶᠠᠩᠬᠠᠶᠢᠯᠠᠨᠠ | | | ᠨᠠᠢᠮᠠ | | | ᠠᠢ ᠳ᠋ᠠ᠂ ᠰᠦᠯᠳᠡ ᠮᠢᠨᠢ | ᠠᠪᠤ ᠶᠢᠨ ᠮᠢᠨᠢ ᠢᠯᠳᠤ ᠮᠢᠨᠢ | ᠶᠡᠷᠡᠭᠡᠳ ᠤᠨ ᠤ ᠶᠡᠭᠡ ᠬᠡᠶᠢᠮᠦᠷᠢ | ᠢᠷᠡᠭᠡᠳᠤᠢ ᠶᠢᠷᠳᠢᠨᠴᠤ ᠶᠢᠨ ᠬᠢᠬᠢᠯᠢ ᠮᠢᠨᠢ | ᠡᠪᠡᠰᠤ᠂ ᠲᠠ ᠬᠤᠶᠠᠷ ᠢᠶᠠᠨ ᠯᠠ ᠬᠡᠵᠤ | ᠦᠩ ᠬᠤᠷᠸ᠎ᠠ ᠶᠢ | ᠬᠠᠨᠤᠰᠢ ᠦᠭᠡᠢ ᠠᠮᠢᠰᠬᠤᠵᠤ | ᠰᠢᠯᠦᠭ ᠢᠶᠠᠷ ᠢᠶᠠᠨ | ᠵᠦᠷᠢᠭ ᠢᠶᠠᠨ ᠪᠢᠴᠢᠵᠤ | ᠡᠳᠤᠷ ᠪᠦᠷᠢ ᠦᠯᠦᠰᠭᠦᠯᠡᠩ | ᠡᠳᠤᠷ ᠪᠦᠷᠢ ᠴᠠᠳᠬᠤᠯᠠᠩ | ᠦᠨᠤᠳᠤᠷ ᠪᠦᠷᠢ ᠪᠠᠷ | ᠦᠴᠦᠭᠡᠳᠤᠷ ᠢᠶᠠᠨ ᠪᠤᠯᠭᠠᠵᠤ | ᠰᠠᠶᠢᠬᠠᠨ ᠴᠢᠮᠠᠢᠢ ᠪᠠᠨ ᠳᠠᠭᠤᠯᠠᠵᠤ | ᠰᠠᠭᠭᠠᠵᠤ ᠶᠠᠪᠤᠨ᠎ᠠ ᠡ ᠪᠢ | ᠰᠠᠵᠢᠯᠠᠵᠤ ᠶᠠᠪᠤᠨ᠎ᠠ ᠡ ᠪᠢ | | | | | | | 1989.12 ᠰᠢᠯᠢᠩᠬᠤᠳᠠ ᠶᠢᠨ ᠵᠡᠭᠦᠨ ᠳᠣᠭᠤᠷᠢᠭ ᠤᠨ ᠨᠢᠭᠡᠳᠣᠮᠡᠯ | ᠬᠤᠷᠢᠶᠠᠯᠠᠯ ᠤᠨ ᠠᠷᠪᠠᠳᠣᠭᠠᠷ ᠠᠰᠠᠷ ᠤᠨ301 ᠥᠷᠣᠭᠡᠨ ᠳᠤ ᠪᠢᠴᠢᠪᠡ | | ︽ᠰᠢᠯᠢ ᠶᠢᠨ ᠭᠤᠤᠯ︾ ᠰᠡᠳᠬᠦᠯ ᠤᠨ1990 ᠤᠨ ᠤ 1 ᠬᠤᠭᠤᠴᠠᠭᠠᠨ ᠳᠤ ᠨᠡᠶᠢᠳᠡᠯᠡᠭᠳᠡᠪᠡ | | | | | | | | | ᠵᠣᠬᠢᠶᠠᠯᠴᠢ ᠵᠢᠨᠲ᠋ᠣᠪᠴᠢ ᠨᠠᠮᠳᠠᠷ | | ᠤᠯᠣᠰ ᠤᠨ ᠨᠢᠭᠡᠳᠣᠭᠡᠷ ᠲᠡᠰ ᠤᠨ ᠵᠣᠬᠢᠶᠠᠯᠴᠢ᠂ ᠰᠣᠷᠪᠣᠯᠵᠢᠯᠠᠭᠴᠢ᠂ ᠰᠡᠳᠭᠦᠯᠴᠢ ᠲᠠᠷᠴᠢᠳ | ᠣᠪᠣᠭ ᠤᠨ ᠲᠠᠴᠢᠩᠭᠠ ᠶᠢᠨ ᠡᠯᠬᠡᠩᠭᠡ 1950 ᠤᠨ ᠤ ᠨᠠᠮᠣᠷ ᠴᠠᠬᠠᠷ ᠲᠤ ︵ᠥᠨᠣ ᠶᠢᠨ ᠰᠢᠯᠣᠭᠤᠨ ᠬᠥᠪᠡᠭᠡᠳᠣ | ᠴᠠᠭᠠᠨ ᠬᠤᠰᠢᠭᠤ︶ ᠲᠥᠷᠣᠪᠡ᠃ ᠪᠠᠭ᠎ᠠ ᠠᠴᠠ ᠰᠣᠶᠣᠯ ᠰᠣᠷᠭᠠᠭᠤᠯᠢ ᠮᠥᠷᠳᠡᠵᠣ᠂ ᠲᠠᠯ᠎ᠠ ᠶᠢᠨ ᠬᠤᠳᠳᠤᠭ ᠠᠶᠢᠯ | ᠤᠨ ᠰᠣᠷᠭᠠᠭᠤᠯᠢ᠂ ᠴᠠᠭᠠᠨᠨᠠᠭᠤᠷ ᠪᠥᠷᠢᠨ ᠪᠠᠭ᠎ᠠ ᠰᠣᠷᠭᠠᠭᠤᠯᠢ᠂ ᠪᠠᠶᠠᠨᠪᠣᠯᠠᠭ ᠪᠥᠷᠢᠨ ᠪᠠᠭ᠎ᠠ ᠰᠣᠷᠭᠠᠭᠤᠯᠢ᠂ | ᠴᠠᠭᠠᠨᠨᠠᠭᠤᠷ ᠲᠣᠮᠳᠠᠳᠣ ᠰᠣᠷᠭᠠᠭᠤᠯᠢ᠂ ᠥᠪᠣᠷ ᠮᠤᠩᠭᠤᠯ ᠤᠨ ᠮᠣᠩᠭᠤᠯ ᠬᠡᠯᠡ ᠪᠢᠴᠢᠭ ᠤᠨ ᠲᠣᠰᠬᠠᠢ ᠮᠡᠷᠭᠡᠵᠢᠯ | ᠤᠨ ᠰᠣᠷᠭᠠᠭᠤᠯᠢ ᠶᠢᠨ ᠤᠷᠴᠢᠭᠤᠯᠤᠭ᠎ᠠ ᠨᠠᠶᠢᠷᠠᠭᠤᠯᠤᠭᠠ ᠶᠢᠨ ᠠᠩᠭᠢ᠂ ᠥᠪᠣᠷ ᠮᠣᠩᠭᠤᠯ ᠤᠨ ᠶᠡᠭᠡ ᠰᠣᠷᠭᠠᠭᠤᠯᠢ | ᠶᠢᠨ ᠤᠳᠬ᠎ᠠ ᠵᠣᠬᠢᠶᠠᠯ ᠵᠣᠬᠢᠶᠠᠨ ᠪᠥᠳᠣᠭᠡᠬᠦ ᠰᠣᠳᠣᠯᠬᠤ ᠠᠩᠭᠢ ᠠᠴᠠ ᠤᠷᠢᠳ ᠬᠤᠵᠢᠳ ᠲᠡᠭᠦᠰᠪᠡ᠃ ︽ᠰᠢᠯᠢ | ᠶᠢᠨ ᠭᠤᠤᠯ ᠤᠨ ᠡᠳᠣᠷ ᠤᠨ ᠰᠣᠨᠢᠨ︾ ᠳᠤ ᠨᠠᠶᠢᠷᠠᠭᠤᠯᠣᠭᠴᠢ᠂ ᠰᠣᠷᠪᠣᠯᠵᠢᠯᠠᠭᠴᠢ᠂ ︽ᠰᠢᠯᠢ ᠶᠢᠨ ᠭᠤᠣᠯ︾ | ᠰᠡᠳᠭᠦᠯ ᠳᠤ ᠨᠠᠶᠢᠷᠠᠭᠤᠯᠣᠭᠴᠢ᠂ ᠲᠡᠳ᠋ ᠶᠡᠷᠣᠩᠬᠡᠢ ᠨᠠᠶᠢᠷᠠᠭᠤᠯᠣᠭᠴᠢ᠂ ᠶᠡᠷᠣᠩᠬᠡᠢ ᠨᠠᠶᠢᠷᠠᠭᠤᠯᠣᠭᠴᠢ᠂ ᠨᠡᠷ᠎ᠡ | ᠬᠥᠨᠳᠣᠳᠣ ᠶᠡᠷᠣᠩᠬᠡᠢ ᠨᠠᠶᠢᠷᠠᠭᠤᠯᠣᠭᠴᠢ᠂ ᠰᠢᠯᠢ ᠶᠢᠨ ᠭᠤᠣᠯ ᠠᠶᠢᠮᠠᠭ ᠤᠨ ᠤᠳᠬ᠎ᠠ ᠤᠷᠠᠯᠢᠭ ᠤᠨ ᠬᠤᠯᠪᠣᠭᠠᠨ ᠤ | ᠲᠡᠳ᠋ ᠲᠡᠷᠢᠭᠦᠯᠡᠭᠴᠢ᠂ ᠨᠠᠮ ᠤᠨ ᠤᠳᠣᠷᠢᠳᠬᠤ ᠲᠣᠭᠤᠶᠢᠯᠠᠩ ᠤᠨ ᠪᠥᠷᠢᠯᠳᠣᠭᠦᠨ᠂ ᠪᠠᠶᠢᠴᠠᠭᠠᠨ ᠰᠣᠳᠣᠯᠣᠭᠴᠢ ︵ | ᠵᠢᠩᠬᠢᠨᠢ ᠭᠠᠵᠠᠷ ᠤᠨ ᠲᠡᠰ︶ ︽ᠲᠣᠮᠳᠠᠳᠣ ᠤᠯᠣᠰ ᠤᠨ ᠮᠣᠩᠭᠤᠯ ᠰᠡᠳᠬᠦᠯ ᠰᠣᠳᠣᠯᠬᠤ ᠬᠤᠷᠠᠯ︾ ᠤᠨ ᠲᠡᠳ᠋ | ᠲᠠᠷᠤᠭ᠎ᠠ ᠪᠠᠶᠢᠪᠠ᠃ ᠲᠡᠷᠡ ᠪᠣᠯ ᠪᠥᠬᠦ ᠤᠯᠣᠰ ᠤᠨ ᠮᠣᠩᠭᠤᠯ ᠰᠡᠳᠭᠦᠯ ᠤᠨ ︽ᠭᠠᠪᠢᠶᠠᠳᠣ ᠨᠠᠶᠢᠷᠠᠭᠤᠯᠣᠭᠴᠢ︾᠂ | ᠰᠢᠯᠢ ᠶᠢᠨ ᠭᠤᠣᠯ ᠤᠨ ᠰᠢᠯᠣᠭ᠌ ᠰᠣᠳᠣᠯᠬᠤ ᠨᠡᠶᠢᠭᠡᠮᠯᠢᠭ ᠤᠨ ᠲᠡᠳ᠋ ᠲᠠᠷᠤᠭ᠎ᠠ᠂ ᠲᠣᠮᠳᠠᠳᠣ ᠤᠯᠣᠰ ᠤᠨ | ᠵᠤᠬᠢᠶᠠᠯᠴᠢᠳ ᠤᠨ ᠬᠤᠷᠢᠶᠠᠨ ᠤ ᠭᠡᠰᠢᠭᠦᠨ᠂ ᠥᠪᠣᠷ ᠮᠣᠩᠭᠤᠯ ᠤᠨ ᠵᠤᠬᠢᠶᠠᠯᠴᠢᠳ ᠤᠨ ᠨᠡᠶᠢᠭᠡᠮᠯᠢᠭ ᠤᠨ ᠭᠡᠰᠢᠭᠦᠨ᠂ | ᠪᠥᠬᠦ ᠤᠯᠣᠰ ᠤᠨ ᠴᠥᠭᠡᠨ ᠲᠣᠭᠠᠳᠣ ᠥᠨᠳᠣᠰᠣᠳᠡᠨ ᠤ ᠵᠤᠬᠢᠶᠠᠯᠴᠢᠳ ᠤᠨ ᠰᠣᠳᠣᠯᠬᠤ ᠨᠡᠶᠢᠭᠡᠮᠯᠢᠭ ᠤᠨ | ᠭᠡᠰᠢᠭᠦᠨ᠃ ᠲᠥᠷᠣᠭᠦᠤ ᠵᠠᠭᠤᠨ ᠤ ᠲᠠᠯᠠᠭᠠᠳ ᠤᠨ ᠤ ᠡᠬᠢᠨ ᠠᠴᠠ ᠵᠣᠬᠢᠶᠠᠯ ᠪᠥᠳᠣᠭᠡᠯ ᠢᠶᠠᠨ ᠨᠡᠶᠢᠲᠡᠯᠡᠭᠦᠯᠵᠣ᠂ | ᠬᠠᠭᠠᠰ ᠵᠠᠭᠤᠨ ᠤ ᠲᠣᠷᠰᠢ ᠪᠠᠷᠤᠭ ᠲᠥᠷᠪᠡᠨ ᠵᠠᠭᠤ ᠭᠠᠷᠣᠢ ᠲᠥᠮᠡᠨ ᠥᠰᠣᠭ᠌ ᠤᠨ ᠵᠤᠬᠢᠶᠠᠯ ᠪᠥᠳᠣᠭᠡᠯ ᠨᠡᠶᠢᠳᠡᠯᠡᠪᠡ | ᠃ ︽ᠰᠢᠯᠣᠭ᠌ ᠤᠨ ᠡᠷᠡᠮᠡᠯᠵᠡᠯ︾ ︵ᠬᠠᠮᠳᠣᠷᠠᠭᠰᠠᠨ︶᠂ ︽ᠨᠣᠳᠤᠭ ᠤᠰᠣᠨ ᠤ ᠤᠷᠢ︾᠂ ︽ᠲᠠᠭᠤᠤ ᠲᠠᠢ | ᠨᠣᠳᠤᠭ ᠭᠤᠨᠳᠠᠬᠤ ᠥᠭᠡᠢ︾᠂ ︽ᠠᠷᠪᠠᠨ ᠵᠢᠷᠭᠤᠭᠠᠨ ᠨᠠᠰᠣᠨ ᠤ ᠴᠢᠭᠤᠯᠭᠠᠨ︾᠂ ︽ᠲ᠊ · ᠡᠯᠬᠡᠩᠭᠡ ᠶᠢᠨ | ᠨᠠᠶᠢᠷᠠᠭᠤᠯᠣᠯ ᠤᠨ ᠰᠢᠯᠢᠮᠡᠯ︾᠂ ︽ᠲ᠊ · ᠡᠯᠬᠡᠩᠭᠡ ᠶᠢᠨ ᠪᠠᠷᠢᠮᠳᠠᠳᠣ ᠨᠠᠶᠢᠷᠠᠭᠤᠯᠣᠯ ᠤᠳ︾ ︽ᠲ᠊ · | ᠡᠯᠬᠡᠩᠭᠡ ᠶᠢᠨ ᠥᠭᠦᠯᠯᠡᠭᠡ᠂ ᠨᠠᠶᠢᠷᠠᠭᠤᠯᠣᠯ ᠤᠳ︾᠂ ︽ᠬᠠᠯᠢᠭᠤᠳᠠᠢ︾᠂ ᠮᠣᠩᠭᠤᠯ ᠤᠯᠣᠰ ᠲᠤ ᠺᠢᠷᠢᠯ ᠥᠰᠣᠭ᠌ | ᠢᠶᠠᠷ ︽ᠴᠠᠬᠠᠷ ᠬᠠᠨ ᠤ ᠵᠠᠬᠢᠶ᠎ᠠ︾ ᠵᠡᠷᠭᠡ ᠨᠣᠮ ᠤᠳ ᠬᠡᠪᠯᠡᠭᠦᠯᠵᠣ᠂ ︽ᠪᠡᠭᠡᠵᠢᠩ ᠠᠶᠠᠨ ᠤ ᠰᠢᠪᠠᠭᠤ︾᠂ ︽ | ᠵᠢᠷᠣᠬᠡᠨ ᠳᠤ ᠬᠤᠨᠣᠭᠰᠢᠭᠰᠠᠨ ᠮᠣᠷᠢᠳᠣ ᠲᠠᠶᠢᠴᠢᠳ︾ ︵ᠲᠡᠭᠡᠳᠣ᠂ ᠲᠣᠣᠷᠡᠳᠣ︶᠂ ︽ᠬᠥᠬᠡ ᠲᠣᠭᠤᠷᠣᠤ︾ ︵ | ᠵᠢᠷᠣᠭᠳᠣ ᠲᠡᠪᠳᠡᠷ᠂ ᠲᠡᠭᠡᠳᠣ᠂ ᠲᠣᠣᠷᠡᠳᠣ︶᠂ ︽ ᠴᠢᠨ᠋ᠸ᠎ᠠ ᠪᠠᠷᠢᠭᠰᠠᠨ ᠨᠢ︾ ᠵᠡᠷᠭᠡ ᠨᠣᠮ ᠤᠳ ᠤᠷᠴᠢᠭᠤᠯᠣᠨ | ᠬᠡᠪᠯᠡᠭᠦᠯᠪᠡ᠃ ︽ᠴᠠᠬᠠᠷ ᠬᠠᠨ ᠤ ᠵᠠᠬᠢᠶ᠎ᠠ︾ ᠪᠠᠨ ᠬᠡᠪᠯᠡᠯ ᠳᠤ ᠤᠷᠣᠭᠤᠯᠣᠭᠠᠳ ᠪᠣᠢ᠃ ᠥᠪᠡᠷᠳᠡᠭᠡᠨ ᠵᠠᠰᠠᠬᠤ | ᠤᠷᠣᠨ ᠤ ᠤᠳᠬ᠎ᠠ ᠵᠤᠬᠢᠶᠠᠯ ᠤᠨ ︽ᠰᠣᠯᠣᠩᠭ᠎ᠠ︾ ᠱᠠᠩᠨᠠᠯ ᠬᠤᠶᠠᠷ ᠤᠳᠠᠭ᠎ᠠ᠂ ᠮᠡᠳᠡᠭᠡᠯᠡᠯ ᠤᠨ ᠤᠷᠠᠨ ᠵᠤᠬᠢᠶᠠᠯ | ᠤᠨ ᠱᠠᠩᠨᠠᠯ ᠨᠢᠭᠡ ᠤᠳᠠᠭ᠎ᠠ᠂ ︽ᠥᠨᠢᠷ ᠴᠡᠴᠡᠭ︾ ᠵᠡᠷᠭᠡ ᠶᠢᠨ ᠤᠷᠣᠨ ᠤ ᠰᠡᠳᠭᠦᠯ᠂ ᠷᠠᠳᠢᠤ᠋ ᠲᠧᠯᠸᠢᠰ᠂ ᠠᠶᠢᠮᠠᠭ | ᠱᠠᠳᠣᠨ ᠤ ᠱᠠᠩᠨᠠᠯ ᠢ ᠬᠤᠷᠢ ᠭᠠᠷᠣᠢ ᠤᠳᠠᠭ᠎ᠠ ᠲᠣᠰᠪᠠ᠃ ᠥᠨᠣ ᠰᠢᠯᠢ ᠶᠢᠨ ᠭᠤᠣᠯ ᠠᠶᠢᠮᠠᠭ ᠤᠨ ᠠᠮᠢ ᠠᠬᠤᠢ | ᠰᠣᠳᠣᠯᠬᠤ ᠨᠡᠶᠢᠭᠡᠮᠯᠢᠭ ᠤᠨ ᠬᠡᠷᠡᠭ ᠡᠷᠬᠢᠯᠡᠭᠴᠢ᠂ ︽ᠰᠢᠯᠢ ᠶᠢᠨ ᠭᠤᠣᠯ ᠤᠨ ᠠᠮᠢ ᠠᠬᠤᠢ ᠶᠢᠨ ᠰᠣᠳᠣᠯᠣᠯ︾ | ᠤᠨ ᠬᠠᠷᠢᠭᠤᠴᠠᠭᠰᠠᠨ ᠨᠠᠶᠢᠷᠠᠭᠤᠯᠣᠭᠴᠢ ᠶᠢ ᠭᠥᠢᠴᠡᠳᠭᠡᠵᠣ ᠪᠣᠢ᠃ | ᠮᠢᠨᠣ ᠬᠢᠴᠢᠶᠡᠰᠣ᠄ ᠬᠠᠨᠣᠮᠰᠢᠯ ᠪᠣᠯ ᠨᠠᠮᠠᠢᠢ ᠪᠣᠯᠠᠰᠢᠯᠠᠬᠤ ᠠᠪᠰᠠ᠂ ᠬᠠᠷᠠᠮᠰᠠᠯ ᠪᠣᠯ ᠨᠠᠮᠠᠢᠢ ᠪᠣᠰᠬᠠᠬᠤ | ᠬᠥᠷᠣᠰᠣ᠃ ᠠᠳᠣᠭᠤᠴᠢᠨ᠂ ᠠᠷᠠᠳ ᠤᠨ ᠪᠠᠭᠰᠢ᠂ ᠰᠣᠷᠪᠣᠯᠵᠢᠯᠠᠭᠴᠢ ᠪᠣᠯ ᠵᠠᠯᠠᠭᠤ ᠨᠠᠰᠣᠨ ᠤ ᠮᠢᠨᠢ ᠲᠠᠭᠤᠯᠠᠯ᠂ | ᠰᠡᠳᠭᠦᠯᠴᠢ᠂ ᠵᠤᠬᠢᠶᠠᠯᠴᠢ ᠪᠣᠯ ᠢᠳᠡᠷ ᠨᠠᠰᠣᠨ ᠤ ᠮᠢᠨᠢ ᠡᠷᠢᠯᠬᠢᠯᠡᠯ᠃ ᠡᠳᠡᠭᠡᠷ ᠢᠶᠠᠨ ᠡᠷᠭᠢᠨ ᠰᠠᠨᠠᠵᠣ ᠡᠷᠢᠶᠡᠴᠢᠨ | ᠰᠠᠭᠤᠬᠤ ᠪᠣᠯ ᠡᠨᠡ ᠨᠠᠰᠣᠨ ᠤ ᠮᠢᠨᠢ ᠡᠷᠬᠡ ᠵᠢᠷᠭᠠᠯ︕ | | | |