ᠰᠣᠷᠪᠣᠯᠵᠢᠯᠠᠭᠴᠢ ᠣᠯᠠᠭᠠᠨ | | | | | | ᠣᠶᠢᠷ᠎ᠠ ᠶᠢᠨ ᠡᠳᠦᠷ᠂ ᠳᠣᠮᠳᠠᠳᠦ ᠣᠯᠣᠰ ᠤᠨ ᠰᠢᠯᠦᠭ ᠤᠨ ᠰᠦᠯᠵᠢᠶ᠎ᠡ ᠳᠡᠭᠡᠷ᠎ᠡ 2019 ᠣᠨ ᠤ | ᠳᠠᠪᠣᠳᠣᠭᠠᠷ ᠬᠤᠭᠤᠴᠠᠭᠠᠨ ᠤ ᠰᠢᠯᠦᠭ ᠳᠠᠭᠤᠯᠠᠯ ᠤᠨ ᠴᠠᠭᠠᠨ ᠰᠠᠷ᠎ᠠ ᠶᠢᠨ ᠦᠳᠡᠰᠢᠯᠡᠭᠡ ᠶᠢᠨ ᠠᠷᠪᠠᠨ ᠳᠣᠮᠦ | ᠰᠣᠨᠢᠨ ᠮᠡᠳᠡᠭᠡᠨ ᠤ ᠬᠡᠷᠡᠭ ᠣᠴᠢᠷ ᠵᠢᠴᠢ ᠱᠠᠩᠨᠠᠯ ᠤᠨ ᠳᠦᠷᠦᠯ ᠵᠦᠢᠯ ᠢ ᠨᠠᠶᠢᠳᠠᠯᠡᠭᠰᠡᠨ ᠪᠠᠶᠢᠨ᠎ᠠ᠃ ᠱᠠᠩᠨᠠᠯ ᠤᠨ | ᠳᠦᠷᠦᠯ ᠵᠦᠢᠯ ᠳᠤ ︽2018 ᠣᠨ ᠤ ᠠᠷᠪᠠᠨ ᠳᠣᠮᠣ ᠰᠣᠨᠢᠨ ᠮᠡᠳᠡᠭᠡᠨ ᠤ ᠬᠡᠷᠡᠭ︾᠂ ︽2018 ᠣᠨ ᠤ | ᠠᠷᠪᠠᠨ ᠰᠢᠯᠢᠳᠡᠭ ᠰᠢᠯᠦᠭ ᠳᠠᠭᠤᠯᠠᠯ ᠤᠨ ᠴᠣᠭᠯᠠᠭᠠᠨ︾᠂ ︽2018 ᠣᠨ ᠤ ᠠᠷᠪᠠᠨ ᠰᠢᠯᠢᠳᠡᠭ ᠰᠢᠯᠦᠭ ᠤᠨ | ᠨᠠᠶᠢᠬᠡᠮᠯᠢᠭ︾᠂ ︽2018 ᠣᠨ ᠤ ᠠᠷᠪᠠᠨ ᠰᠢᠯᠢᠳᠡᠭ ᠰᠢᠯᠣᠭ᠌ ᠤᠨ ᠳᠡᠬᠦᠪᠣᠷᠢ︾᠂ ︽2018 ᠣᠨ ᠤ ᠠᠷᠪᠠᠨ | ᠰᠢᠯᠢᠳᠡᠭ ᠰᠢᠯᠦᠭᠴᠢ︾ ᠵᠢᠴᠢ ︽2018 ᠣᠨ ᠤ ᠠᠷᠪᠠᠨ ᠰᠢᠯᠢᠳᠡᠭ ᠰᠢᠬᠦᠮᠵᠢᠯᠡᠭᠴᠢ︾᠂ ︽2018 ᠣᠨ ᠤ | ᠠᠷᠪᠠᠨ ᠰᠢᠯᠢᠳᠡᠭ ᠵᠠᠯᠠᠭᠤ ᠳᠣᠷᠪᠢᠳᠠᠢ ᠰᠢᠯᠦᠭᠴᠢ︾᠂ ︽2018 ᠣᠨ ᠤ ᠠᠷᠪᠠᠨ ᠰᠢᠯᠢᠳᠡᠭ ᠰᠢᠯᠦᠭ ᠳᠠᠭᠤᠯᠠᠯ | ᠤᠨ ᠰᠡᠳᠬᠦᠯ︾ ︵ ᠣᠯᠠᠨ ᠨᠠᠶᠢᠳᠠ ᠶᠢᠨ ᠵᠢᠷᠬᠢᠶ᠎ᠡ ᠳᠡᠪᠴᠠᠩ ᠢ ᠪᠠᠭᠳᠠᠭᠠᠵᠦ ᠪᠣᠢ︶ ᠵᠡᠷᠭᠡ ᠪᠣᠢ᠃ | ᠡᠬᠦᠨ ᠳᠤ ᠦᠪᠣᠷ ᠮᠣᠩᠭᠤᠯ ᠤᠨ ᠪᠠᠭᠰᠢ ᠶᠢᠨ ᠶᠡᠭᠡ ᠰᠣᠷᠭᠠᠭᠤᠯᠢ ᠶᠢᠨ ᠫᠷᠣᠹᠧᠰᠰᠣᠷ᠂ | ᠳ᠋ᠣᠺᠲ᠋ᠣᠷᠠᠨᠲ ᠤᠨ ᠵᠢᠯᠣᠭᠤᠳᠣᠭᠴᠢ᠂ ︽ ᠰᠣᠯᠣᠩᠭ᠎ᠠ︾ ᠱᠠᠩᠨᠠᠯᠳᠦ ᠢᠷᠡᠭᠤ ᠨᠠᠶᠢᠷᠠᠭᠴᠢ ᠴᠠᠳᠠᠨᠵᠠᠪ ᠤᠨ | ᠴᠣᠯᠮᠣᠨ ᠭᠤᠸᠠᠢ ︽2018 ᠣᠨ ᠤ ᠠᠷᠪᠠᠨ ᠰᠢᠯᠢᠳᠡᠭ ᠰᠢᠯᠦᠭᠴᠢ︾ ᠪᠠᠷ ᠰᠢᠯᠭᠠᠷᠠᠵᠦ᠂ ᠳᠣᠰ ᠢᠷᠠᠭᠤ | ᠠᠯᠳᠠᠷ ᠢ ᠬᠦᠷᠳᠡᠭᠰᠡᠨ ᠴᠦᠬᠡᠨ ᠳᠣᠭᠠᠳᠦ ᠦᠨᠳᠣᠰᠣᠳᠡᠨ ᠤ ᠴᠣᠷ ᠤᠨ ᠭᠠᠭᠴᠠ ᠢᠷᠠᠭᠤ ᠨᠠᠶᠢᠷᠠᠭᠴᠢ ᠪᠣᠯᠣᠭᠰᠠᠨ | ᠪᠠᠶᠢᠨ᠎ᠠ᠃ | ᠴ᠊᠂ ᠴᠣᠯᠮᠣᠨ ᠭᠤᠸᠠᠢ᠂ ᠰᠦᠨᠢᠳ ᠵᠡᠬᠦᠨ ᠬᠤᠰᠢᠭᠤ ᠪᠠᠷ ᠨᠣᠳᠣᠭᠳᠠᠢ᠃ ᠳᠡᠷᠡ ᠪᠠᠷ ᠵᠣᠬᠢᠶᠠᠨ | ᠪᠦᠳᠦᠭᠡᠯᠭᠡ᠂ ᠡᠷᠳᠡᠮ ᠰᠢᠨᠵᠢᠯᠡᠭᠡᠨ᠂ ᠣᠷᠠᠨ ᠵᠣᠬᠢᠶᠠᠯ ᠤᠨ ᠣᠷᠴᠢᠭᠤᠯᠭ᠎ᠠ ᠵᠡᠷᠭᠡ ᠳᠠᠯ᠎ᠠ ᠪᠠᠷ ᠦᠨᠳᠣᠷ ᠠᠮᠵᠢᠯᠳᠠ | ᠲᠠᠢ ᠶᠠᠪᠣᠭ᠎ᠠ ᠡᠷᠳᠡᠮᠳᠠᠨ ᠪᠦᠭᠡᠳ ᠢᠷᠠᠭᠤ ᠨᠠᠶᠢᠷᠠᠭᠴᠢ ᠶᠤᠮ᠃ ︽ ᠶᠡᠭᠡ ᠳᠠᠮᠣᠴᠢ ᠶᠢᠨ ᠳᠠᠯ᠎ᠠ︾ ︵ ᠬᠠᠮᠳᠦ ᠶᠢᠨ | ᠳᠡᠬᠦᠪᠣᠷᠢ᠂1996︶᠂ ︽ ᠠᠨᠢᠷ ᠦᠭᠡᠢ ᠶᠢᠨ ᠳᠣᠮᠳᠠ︾ ︵2006︶ ᠂ ︽ ᠴᠡᠴᠡᠭ ᠤᠨ ᠰᠠᠯᠬᠢ︾ ︵ | ᠺᠢᠷᠢᠯ ᠪᠢᠴᠢᠭ᠂ 2011᠂ ᠣᠯᠠᠭᠠᠨᠪᠠᠭᠠᠳᠣᠷ︶ ᠂ ︽ ᠴᠡᠴᠡᠭ ᠤᠨ ᠰᠠᠯᠬᠢ︾ ︵ ᠠᠩᠬᠡᠯᠢ ᠬᠡᠯᠡ2015︶᠂ | ︽ ᠠᠭᠤᠯᠠᠰ ᠮᠢᠨᠢ ᠳᠠᠩᠳᠠ ᠪᠠᠨ ᠨᠡᠬᠦᠳᠡᠭ︾ ︵ ᠬᠢᠳᠠᠳ ᠬᠡᠯᠡ᠂ ᠬᠠᠮᠳᠦ ᠶᠢᠨ ᠳᠡᠬᠦᠪᠣᠷᠢ᠂ 2016︶᠂ ︽ | ᠮᠢᠨᠤ ᠬᠠᠶᠢᠷᠠᠳᠠᠢ ᠦᠪᠣᠷ ᠮᠣᠩᠭᠤᠯ︾ ︵ ᠠᠷᠪᠠᠨ ᠰᠢᠯᠦᠭᠴᠢ ᠶᠢᠨ ᠳᠠᠬᠦᠪᠣᠷᠢ᠂ ᠺᠢᠷᠢᠯ᠂ 2013︶᠂ ︽ | ᠪᠣᠷᠬᠠᠨ ᠤ ᠵᠢᠷᠣᠭᠰᠠᠨ ᠠᠭᠤᠯᠠᠰ ︾ ︵2017᠂ ᠣᠯᠠᠭᠠᠨᠪᠠᠭᠠᠳᠣᠷ︶᠂ ︽ ᠨᠡᠬᠦᠳᠠᠯ ᠤᠨ ᠵᠢᠷᠣᠬᠠᠢ︾ ︵ | 2017︶ ᠵᠡᠷᠭᠡ ᠢᠷᠠᠭᠤ ᠨᠠᠶᠢᠷᠠᠭ ᠤᠨ ᠨᠣᠮ ᠪᠠ ︽ ᠨᠢᠭᠤᠴᠠᠬᠠᠢ ᠪᠠᠳᠮ᠎ᠠ ᠴᠡᠴᠡᠭ — ᠼᠦᠩ ᠷᠦᠩ ᠤᠨ | ᠢᠷᠡᠭᠤ ᠨᠠᠶᠢᠷᠠᠭ ᠤᠨ ᠰᠣᠩᠭᠤᠮᠠᠯ︾ ︵ ᠣᠷᠴᠢᠭᠤᠯᠭ᠎ᠠ᠂2015᠂ ᠣᠯᠠᠭᠠᠨᠪᠠᠭᠠᠳᠣᠷ︶ ᠵᠡᠷᠭᠡ ᠢᠷᠠᠭᠤ ᠨᠠᠶᠢᠷᠠᠭ | ᠤᠨ ᠨᠣᠮ ᠬᠡᠪᠯᠡᠬᠦᠯᠵᠠᠢ᠃ | | |