ᠪᠠᠶᠠᠷ ᠪᠠᠶᠠᠰᠬᠤᠯᠠᠩᠲᠣ ᠴᠠᠭᠠᠨ ᠰᠠᠷ᠎ᠠ
ᠨᠡᠶᠢᠲᠡᠯᠡᠭᠰᠡᠨ ᠴᠠᠭ᠄
2019/3/13
           2018ᠣᠨ ᠮᠢᠨᠢ ᠰᠠᠯᠬᠢ ᠮᠡᠲᠦ ᠦᠩᠭᠡᠷᠡᠨ ᠣᠳᠴᠣ᠂ ᠴᠠᠭ ᠮᠦᠴᠡ ᠣᠷᠣᠰᠬᠠᠯ ᠣᠰᠤ ᠮᠡᠲᠦ ᠳᠣᠯᠭᠢᠶᠠᠯᠠᠨ ᠣᠷᠣᠰᠣᠭᠰᠠᠭᠠᠷ ᠨᠢᠭᠡ ᠯᠡ ᠮᠡᠳᠡᠬᠦ ᠳᠤ ᠳᠣᠮᠳᠠᠲᠣ ᠰᠣᠷᠭᠠᠭᠤᠯᠢ ᠳᠤ ᠣᠷᠣᠭᠠᠳ ᠨᠢᠭᠡ ᠬᠤᠭᠤᠴᠠᠭ᠎ᠠ ᠪᠣᠯᠴᠢᠬᠠᠯ᠎ᠠ᠃ 2019 ᠣᠨ ᠤ ᠠᠯᠲᠠᠨ ᠪᠣᠱᠤᠭ᠎ᠠ ᠶᠢ ᠠᠯᠬᠤᠵᠦ ᠣᠷᠣᠨ ᠰᠢᠨ᠎ᠡ ᠨᠢᠭᠡᠨ ᠵᠢᠯ ᠢᠶᠠᠨ ᠣᠭᠲᠣᠨ ᠠᠪᠣᠯ᠎ᠠ ᠪᠢᠳᠡ︕           ᠴᠠᠭᠠᠨ ᠰᠠᠷ᠎ᠠ ᠮᠢᠨᠢ ᠡᠭᠦᠳᠡᠨ ᠭᠠᠳᠠᠨ᠎ᠠ ᠬᠦᠷᠦᠭᠡᠳ ᠢᠷᠡᠴᠢᠭᠡᠯ᠎ᠡ᠂ ᠪᠢᠲᠡᠭᠦᠨ ᠤ ᠡᠳᠦᠷ ᠡᠵᠢ ᠮᠢᠨᠢ ᠨᠠᠳᠠ ᠳᠤ᠄ ︽ᠪᠢᠲᠡᠭᠦᠨ ᠤ ᠡᠳᠦᠷ ᠬᠠᠭᠤᠴᠢᠨ ᠵᠢᠯ ᠤᠨ ᠢᠶᠠᠨ ᠪᠦᠬᠦ ᠣᠴᠢᠷ᠂ ᠠᠵᠢᠯ ᠢᠶᠠᠨ ᠬᠢᠵᠦ ᠳᠠᠭᠤᠰᠬᠠᠳᠠᠭ ᠪᠢᠯᠡ︾ ᠭᠡᠵᠦ ᠬᠡᠯᠡᠭᠰᠡᠨ ᠨᠢ ᠣᠴᠢᠷᠲᠠᠢ ᠰᠠᠶᠢᠬᠠᠨ ᠰᠠᠨᠠᠭᠳᠠᠭᠰᠠᠨ ᠪᠢᠯᠡ᠃ ᠣᠷᠣᠢ ᠪᠢᠳᠡ ᠪᠣᠣᠰᠡ ᠪᠠᠩᠰᠢ ᠪᠠᠷ ᠳᠦᠭᠦᠷᠡᠭᠰᠡᠨ ᠪᠢᠲᠡᠭᠦᠨ ᠤ ᠬᠤᠭᠤᠯᠠ ᠪᠠᠨ‌ᠢᠳᠡᠯ᠎ᠡ᠃ ᠠᠮᠲᠠᠲᠠᠢ ᠬᠤᠭᠤᠯᠠ ᠪᠠᠨ ᠢᠳᠡᠬᠦ ᠵᠠᠭᠤᠷ᠎ᠠ ᠡᠪᠦᠭᠡ ᠮᠢᠨᠢ ᠨᠠᠳᠠ ᠳᠤ᠄ ︽ᠪᠢᠲᠡᠭᠦᠨ ᠳᠤ ᠶᠡᠷᠦ ᠳᠤ ᠪᠠᠨ ᠪᠢᠲᠡᠭᠦᠣ ᠵᠠᠭᠤᠰᠢ ᠢᠳᠡᠵᠦ ᠳᠣᠯᠣᠭᠠᠨ ᠲᠣᠭᠤᠭ᠎ᠠ ᠲᠠᠯᠪᠢᠵᠦ ᠪᠢᠲᠡᠭᠦᠷᠡᠲᠡᠯ᠎ᠡ ᠢᠳᠡᠳᠡᠭ ᠶᠤᠮ︾ ᠭᠡᠵᠦ ᠬᠡᠯᠡᠭᠰᠡᠨ ᠶᠤᠮ᠃ ᠪᠢ ᠪᠢᠲᠡᠭᠦᠷᠡᠲᠡᠯ᠎ᠡ ᠢᠳᠡᠨ᠎ᠡ ᠭᠡᠳᠡᠭ ᠢ ᠨᠢ ᠰᠣᠨᠣᠰᠣᠭᠠᠳ ᠡᠯᠢᠭᠡ ᠪᠠᠨ ᠬᠦᠰᠢᠲᠡᠯ᠎ᠡ ᠢᠨᠢᠶᠡᠭᠰᠡᠨ ᠶᠤᠮ ᠳ᠋ᠠ᠃           ᠪᠢᠲᠡᠭᠦᠨ ᠤ ᠣᠷᠣᠢ ᠡᠪᠦᠭᠡ ᠡᠮᠡᠭᠡ ᠪᠢᠳᠡ ᠳᠦᠷᠪᠡᠭᠦᠯᠡ ᠪᠢᠲᠡᠭᠦᠨ ᠤ ᠣᠷᠣᠢ ᠶᠢᠨ ᠦᠳᠡᠰᠢᠯᠡᠭᠡ ᠶᠢ ᠰᠣᠨᠢᠷᠬᠠᠨ ᠰᠠᠭᠤᠵᠦ ᠢᠨᠢᠶᠡᠲᠦ ᠪᠠᠶᠠᠷ ᠢᠶᠠᠷ ᠳᠦᠭᠦᠷᠡᠩ ᠨᠢᠭᠡ ᠣᠷᠣᠢ ᠶᠢ ᠦᠩᠭᠡᠷᠡᠭᠦᠯᠦᠨ ᠴᠠᠭᠠᠨ ᠰᠠᠷ᠎ᠠ ᠪᠠᠨ ᠣᠭᠲᠣᠨ ᠠᠪᠬᠤ ᠳᠤ ᠪᠡᠯᠡᠬᠡᠨ ᠪᠣᠯᠪᠠ᠃ ᠣᠷᠣᠢ ᠶᠢᠨ ᠲᠣᠩᠭᠠᠯᠠᠭ ᠣᠭᠲᠠᠷᠭᠤᠢ ᠳᠤ ᠣᠳᠣᠨ ᠮᠡᠴᠢᠳ ᠭᠢᠯᠠᠯᠵᠠᠨ᠂ ᠦᠩᠭᠡ ᠪᠦᠷᠢ ᠶᠢᠨ ᠬᠤᠸᠠᠷ ᠫᠣᠣᠵᠢᠩ ᠮᠡᠯᠮᠡᠢ ᠶᠢ ᠳᠦᠭᠦᠷᠭᠡᠨ᠂ ᠱᠣᠣᠭᠢᠶᠠᠨᠲᠣ ᠳᠠᠭᠤᠨ ᠦᠷᠬᠦᠯᠵᠢᠯᠡᠨ ᠦᠷᠬᠦᠯᠵᠢᠯᠡᠭᠰᠡᠭᠡᠷ……          ᠰᠢᠨ᠎ᠡ ᠶᠢᠨ ᠨᠢᠭᠡᠨ ᠤ ᠦᠷᠯᠦᠭᠡ ᠪᠢᠳᠡ ᠡᠷᠲᠡᠯᠡᠨ ᠪᠣᠰᠴᠤ ᠠᠵᠢᠯ ᠳᠤ ᠪᠠᠨ ᠣᠷᠣᠯ᠎ᠠ᠃ ᠡᠵᠢ ᠴᠠᠢ ᠪᠠᠨ ᠴᠢᠨᠠᠵᠦ᠂ ᠵᠠᠭᠤᠰᠢ ᠪᠠᠨ ᠪᠡᠯᠡᠳᠭᠡᠯ᠎ᠡ᠃ ᠡᠵᠢ ᠮᠢᠨᠢ ᠨᠠᠮ᠎ᠠ ᠶᠢ ᠰᠢᠨ᠎ᠡ ᠶᠢᠨ ᠨᠢᠭᠡᠨ ᠤ ᠦᠷᠯᠦᠭᠡ ᠪᠡᠯᠭᠡ ᠲᠠᠢ ᠨᠣᠮ ᠣᠩᠰᠢᠭᠤᠯᠪᠠ᠃ ᠡᠪᠦᠭᠡ ᠡᠮᠡᠭᠡ ᠮᠢᠨᠢ ᠠᠯᠢ ᠡᠷᠲᠡ ᠪᠣᠰᠴᠢᠬᠠᠭᠰᠠᠨ᠂ ᠬᠤᠶᠠᠭᠤᠯᠠ ᠪᠠᠨ ᠮᠣᠩᠭᠤᠯ ᠬᠤᠪᠴᠠᠰᠣ ᠪᠠᠷ ᠢᠶᠠᠨ ᠭᠤᠶᠣᠯᠠᠵᠦ ᠪᠢ ᠴᠤ ᠰᠢᠨ᠎ᠡ ᠰᠠᠶᠢᠬᠠᠨ ᠬᠤᠪᠴᠠᠰᠤ ᠪᠠᠨ ᠡᠮᠦᠰᠴᠢᠭᠡᠯ᠎ᠡ᠃ ᠡᠪᠦᠭᠡ ᠮᠢᠨᠢ ᠪᠢᠳᠡᠨ ᠢ ᠪᠢᠲᠡᠭᠦᠦ ᠱᠠᠬᠠᠢ ᠡᠮᠦᠰ ᠭᠡᠵᠦ ᠰᠣᠷᠭᠠᠵᠦ ᠯᠠ ᠪᠠᠶᠢᠯ᠎ᠠ᠃ ᠴᠡᠪᠡᠷ ᠴᠡᠮᠴᠡᠭᠡᠷ ᠬᠤᠪᠴᠠᠯᠠᠭᠠᠳ ᠪᠢᠳᠡ ᠰᠢᠨ᠎ᠡ ᠶᠢᠨ ᠴᠠᠢ ᠪᠠᠨ ᠣᠣᠭᠤᠴᠢᠬᠠᠪᠠ᠃ ᠳᠠᠷᠠᠭ᠎ᠠ ᠨᠢ ᠪᠢ ᠡᠵᠢ ᠪᠠᠨ ᠬᠠᠮᠵᠢᠨ ᠰᠢᠷᠡᠭᠡ ᠵᠠᠰᠠᠪᠠ᠃ ᠣᠳᠠᠯ ᠦᠭᠡᠢ ᠪᠢᠳᠡᠨ ᠤ ᠠᠩᠬᠠᠨ ᠤ ᠵᠣᠴᠢᠨ ᠢᠶᠠᠨ ᠣᠭᠲᠣᠨ ᠠᠪᠣᠯ᠎ᠠ᠃ ᠮᠠᠨ ᠤ ᠮᠣᠩᠭᠤᠯᠴᠣᠳ ᠲᠤ ᠠᠬᠠᠮᠠᠳ ᠢᠶᠠᠨ ᠰᠠᠭᠠᠲᠠᠭᠤᠯᠣᠨ ᠰᠢᠨᠡᠯᠡᠬᠦ ᠰᠠᠶᠢᠬᠠᠨ ᠶᠣᠰᠣ ᠵᠠᠩᠰᠢᠯ ᠲᠠᠢ ᠪᠢᠯᠡ ᠳ᠋ᠠ᠃ ᠠᠬᠠᠮᠠᠳ ᠨᠠᠰᠣᠲᠠᠳ ᠬᠤᠭᠤᠷᠣᠨᠲᠣ ᠪᠠᠨ ᠬᠦᠬᠦᠷ ᠰᠣᠯᠢᠯᠴᠠᠨ ᠰᠢᠨᠡᠯᠡᠨ᠂ ᠵᠠᠷᠢᠮ ᠨᠢ ᠬᠠᠳᠠᠭ ᠪᠠᠷᠢᠨ ᠰᠢᠨᠡᠯᠡᠨ᠎ᠡ᠃ ᠬᠡᠣᠬᠡᠳ ᠪᠠᠭᠠᠴᠣᠣᠯ ᠬᠤᠭᠤᠷᠣᠨᠲᠣ ᠪᠠᠨ ᠭᠠᠷ ᠠᠳᠬᠤᠨ ᠰᠢᠨᠡᠯᠡᠨ᠎ᠡ᠃ ᠡᠵᠢ ᠮᠢᠨᠢ ᠬᠠᠭᠤᠴᠢᠨ ᠶᠣᠰᠣ ᠪᠠᠷ ᠢᠷᠡᠭᠰᠡᠨ ᠭᠡᠶᠢᠴᠢᠳ ᠲᠤ ᠪᠠᠨ ᠢᠳᠡᠭᠡ  ︵ᠰᠢᠨ᠎ᠡ ᠶᠢᠨ ᠬᠤᠭᠤᠯᠠ︶ ᠠᠮᠰᠠᠭᠤᠯᠪᠠ᠃ ᠭᠡᠶᠢᠴᠢᠳ ᠠᠷᠣ ᠠᠷᠣ ᠠᠴᠠ ᠪᠠᠨ ᠴᠣᠪᠣᠷᠠᠭᠰᠠᠭᠠᠷ ᠨᠢᠭᠡᠨᠲᠡ ᠪᠦᠷᠣᠢ ᠲᠠᠰᠣᠷᠠᠬᠤ ᠪᠣᠯᠴᠢᠬᠠᠯ᠎ᠠ᠃ ᠡᠪᠦᠭᠡ ᠡᠮᠡᠭᠡ ᠮᠢᠨᠢ ᠶᠠᠳᠠᠷᠠᠭᠰᠠᠨ ᠪᠣᠯᠪᠠᠴᠣ᠂ ᠨᠢᠭᠤᠷ ᠳᠡᠭᠡᠷ᠎ᠡ ᠨᠢ ᠪᠠᠶᠠᠷ ᠤᠨ ᠢᠨᠢᠶᠡᠲᠣ ᠲᠣᠳᠣᠷᠠᠭᠰᠠᠭᠠᠷ ᠪᠠᠶᠢᠯ᠎ᠠ᠃ ᠪᠢᠳᠡ ᠳᠦᠷᠪᠡᠭᠦᠯᠡ ᠣᠷᠣᠢ ᠶᠢᠨ ᠬᠤᠭᠤᠯᠠ ᠪᠠᠨ ᠵᠣᠭᠤᠭᠯᠠᠨ ᠳᠠᠷᠠᠭ᠎ᠠ ᠨᠢ ᠪᠢᠳᠡ ᠴᠤᠭ ᠲᠤ ᠪᠠᠨ ᠵᠢᠷᠣᠭᠲᠣ ᠳᠡᠭᠡᠷ᠎ᠡ ᠴᠠᠭᠠᠨ ᠰᠠᠷ᠎ᠠ ᠶᠢᠨ ᠦᠳᠡᠰᠢᠯᠡᠭᠡ ᠦᠵᠡᠨ᠂ ᠪᠠᠶᠠᠷ ᠵᠢᠷᠭᠠᠯᠲᠣ ᠴᠠᠭᠠᠨ ᠰᠠᠷ᠎ᠠ ᠪᠠᠨ ᠦᠩᠭᠡᠷᠡᠭᠦᠯᠣᠭ᠍ᠰᠡᠨ ᠪᠢᠯᠡ ᠳ᠋ᠠ᠃         ᠬᠡᠳᠦᠶᠢᠪᠡᠷ ᠪᠢᠳᠡ ᠮᠠᠰᠢ ᠪᠠᠶᠠᠨ ᠲᠠᠩᠰᠤᠭ ᠴᠠᠭᠠᠨ ᠰᠠᠷ᠎ᠠ ᠪᠠᠨ ᠦᠩᠭᠡᠷᠡᠭᠦᠯᠤᠭ᠍ᠰᠡᠨ ᠦᠭᠡᠢ ᠪᠣᠯᠪᠠᠴᠤ ᠬᠠᠷᠢᠨ ᠪᠠᠶᠠᠷ ᠬᠦᠷ ᠪᠢᠯᠬᠠᠮ᠎ᠠ ᠨᠢᠭᠡᠨ ᠴᠠᠭᠠᠨ ᠰᠠᠷ᠎ᠠ ᠪᠠᠨ ᠦᠩᠭᠡᠷᠡᠭᠦᠯᠦᠯ᠎ᠡ᠃ ᠡᠪᠦᠭᠡ ᠡᠮᠡᠭᠡ ᠲᠠᠢ ᠪᠠᠨ ᠬᠠᠮᠲᠣ ᠴᠠᠭᠠᠨ ᠰᠠᠷ᠎ᠠ ᠪᠠᠨ ᠦᠩᠭᠡᠷᠡᠭᠦᠯᠬᠦ ᠨᠢ ᠨᠠᠳᠠ ᠳᠤ ᠠᠪᠴᠤ ᠬᠡᠯᠡᠪᠡᠯ ᠣᠯᠳᠠᠰᠢ ᠦᠭᠡᠢ ᠡᠷᠬᠢᠮ ᠨᠠᠨᠳᠢᠨ ᠵᠠᠪᠰᠢᠶᠠᠨ ᠳᠣᠬᠢᠶᠠᠯ ᠪᠠᠶᠢᠭᠰᠠᠨ ᠪᠢᠯᠡ᠃ ᠨᠡᠰᠤᠲᠠᠶᠢᠴᠣᠳ ᠲᠠᠢ ᠪᠠᠨ ᠬᠠᠮᠲᠣ ᠪᠠᠶᠢᠬᠤ ᠨᠢ ᠨᠡᠭᠡᠷᠡᠨ ᠪᠠᠶᠠᠷ ᠵᠢᠷᠭᠠᠯ ᠲᠠᠢ᠂ ᠡᠪᠦᠭᠡ ᠮᠢᠨᠢ ᠨᠠᠳᠠ ᠳᠤ ᠵᠦᠩᠳᠡᠭᠡᠨ ᠣᠯᠠᠨ ᠶᠣᠰᠣ ᠣᠴᠢᠷ ᠶᠠᠷᠢᠵᠦ᠂ ᠰᠣᠷᠭᠠᠵᠦ ᠪᠠᠶᠢᠭᠰᠠᠨ ᠪᠢᠯᠡ᠃         ᠡᠨᠡ ᠴᠠᠭᠠᠨ ᠰᠠᠷ᠎ᠠ ᠨᠠᠳᠠ ᠳᠤ ᠠᠪᠴᠣ ᠬᠡᠯᠡᠪᠡᠯ ᠬᠠᠮᠤᠭ ᠤᠨ ᠤᠳᠬ᠎ᠠ ᠠᠭᠤᠯᠭ᠎ᠠ ᠲᠠᠢ ᠰᠠᠶᠢᠬᠠᠨ ᠴᠠᠭᠠᠨ ᠰᠠᠷ᠎ᠠ ᠪᠢᠯᠡ ᠳ᠋ᠠ︕                                 ᠡᠷᠢᠶᠡᠨ ᠬᠤᠳᠠ ᠶᠢᠨ ᠮᠣᠩᠭᠤᠯ ᠳᠣᠮᠳᠠᠳᠦ ᠰᠣᠷᠭᠠᠭᠤᠯᠢ ᠶᠢᠨ                                         14 ᠠᠩᠬᠢ ᠶᠢᠨ ᠳᠠᠶᠠᠩ
 
ᠢᠷᠡᠯᠲᠡ᠄ ᠡᠷᠢᠶᠡᠨ ᠬᠤᠲᠠ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号