ᠬᠠᠷ᠎ᠠ ᠬᠡᠷᠢᠶᠡᠨ ᠤ ᠴᠠᠭᠠᠨ ᠲᠡᠦᠬᠡ
ᠨᠡᠶᠢᠲᠡᠯᠡᠭᠰᠡᠨ ᠴᠠᠭ᠄
2019/3/13
          ᠲᠣᠰ ᠨᠣᠮ ᠳᠤ ᠨᠠᠰᠣᠨ ᠰᠡᠭᠦᠳᠡᠷ ᠨᠠᠶᠠᠨ ᠭᠤᠷᠪᠠ ᠶᠢ ᠳᠠᠪᠠᠭ᠎ᠠ ᠮᠣᠩᠭᠤᠯ ᠤᠨ ᠶᠡᠭᠡ ᠭᠤᠪᠢ ᠶᠢᠨ ᠪᠦᠮᠪᠦᠯᠠᠢ ᠡᠮᠡᠭᠡᠨ ᠤ ᠦᠯᠢᠭᠡᠷ ᠢ ᠪᠢᠴᠢᠵᠠᠢ᠃ ᠪᠦᠮᠪᠣᠯᠠᠢ ᠡᠮᠡᠭᠡᠨ ᠵᠠᠯᠠᠭᠤ ᠳᠤ ᠪᠠᠨ ᠡᠨᠡᠷᠢᠩᠭᠦᠢ ᠰᠡᠳᠬᠢᠯ ᠤᠨ ᠢᠶᠠᠨ ᠰᠠᠶᠢᠨ ᠢᠶᠠᠷ ᠨᠢᠭᠡ ᠰᠢᠷᠬ᠎ᠠ ᠲᠠᠢ ᠬᠡᠷᠢᠶ᠎ᠡ ᠶᠢ ᠠᠪᠣᠷᠠᠭᠰᠠᠨ ᠠᠴᠠ ᠲᠡᠳᠡᠨ ᠤ ᠨᠢᠭᠡ ᠨᠠᠰᠣᠨ ᠤ ᠨᠦᠬᠦᠷᠰᠡᠭ ᠬᠠᠷᠢᠴᠠᠭ᠎ᠠ ᠲᠣᠭᠲᠠᠵᠤ᠂ ᠨᠢᠭᠡ ᠮᠡᠳᠡᠬᠦ ᠳᠤ ᠵᠢᠷᠠᠨ ᠵᠢᠯ ᠢ ᠬᠠᠮᠲᠤ ᠡᠯᠡᠭᠡᠭᠰᠡᠨ ᠪᠠᠶᠢᠵᠠᠢ᠃ ᠡᠨᠡ ᠵᠢᠷᠠᠨ ᠵᠢᠯ ᠤᠨ ᠲᠣᠷᠰᠢ ᠡᠮᠡᠭᠡᠨ ᠭᠤᠸᠠᠢ ᠬᠦᠮᠣᠨ ᠤ ᠠᠮᠢᠳᠣᠷᠠᠯ ᠤᠨ ᠭᠠᠰᠢᠭᠤᠨ ᠵᠣᠪᠠᠯᠠᠩ᠂ ᠪᠡᠷᠬᠡ ᠰᠠᠭᠠᠳ ᠢ ᠬᠤᠶᠠᠷ ᠬᠡᠷᠢᠶ᠎ᠡ ᠲᠠᠢ ᠪᠠᠨ ᠬᠠᠮᠲᠣ ᠦᠩᠭᠡᠷᠡᠭᠡᠵᠦ᠂ ᠡᠳᠦᠷ ᠬᠤᠨᠤᠭ ᠤᠨ ᠣᠳᠠᠭᠠᠨ ᠳᠤ ᠬᠡᠷᠢᠶᠡᠨ ᠤ《 ᠬᠡᠯᠡ》 ᠶᠢ ᠴᠤ ᠣᠶᠢᠯᠭᠠᠬᠤ ᠪᠣᠯᠵᠠᠢ᠃ ᠨᠣᠮ ᠳᠤ ᠪᠢᠴᠢᠭᠳᠡᠭᠰᠡᠨ ᠰᠣᠨᠢᠷᠬᠠᠯᠲᠠᠢ ᠣᠶᠢᠯᠡ ᠶᠠᠪᠣᠳᠠᠯ ᠠᠴᠠ ᠳᠦᠭᠦᠮᠬᠡᠨ ᠲᠣᠷᠠᠳᠪᠠᠯ᠂ ᠡᠮᠡᠭᠡᠨ ᠰᠢᠷᠬ᠎ᠠ ᠲᠠᠢ ᠬᠡᠷᠢᠶ᠎ᠡ ᠶᠢ ᠠᠪᠣᠷᠠᠬᠤ ᠦᠶ᠎ᠡ ᠳᠤ ᠬᠠᠵᠠᠭᠤ ᠳᠤ ᠨᠢ ᠪᠠᠰᠠ ᠨᠢᠭᠡ ᠬᠡᠷᠢᠶ᠎ᠡ ᠪᠠᠶᠢᠵᠦ ᠭᠡᠨ᠎ᠡ᠃ ᠲᠡᠷᠡ ᠨᠢ ᠬᠠᠨᠢ ᠪᠠᠨ ᠬᠠᠶᠠᠭ᠎ᠠ ᠦᠭᠡᠢ ᠰᠠᠬᠢᠵᠦ ᠪᠠᠶᠢᠭ᠎ᠠ ᠬᠡᠷᠢᠶ᠎ᠡ ᠪᠠᠶᠢᠵᠠᠢ᠃ ᠢᠩᠬᠢᠭᠡᠳ ᠠᠷᠪᠠᠨ ᠬᠤᠨᠤᠭ ᠤᠨ ᠳᠠᠷᠠᠭ᠎ᠠ ᠰᠢᠷᠬ᠎ᠠ ᠨᠢ ᠡᠳᠡᠭᠡᠷᠡᠨ ᠨᠢᠰᠦᠭᠡᠳ ᠠᠯᠠᠭ᠎ᠠ ᠪᠣᠯᠣᠭᠰᠠᠨ ᠭᠡᠨ᠎ᠡ᠃ ᠲᠡᠭᠡᠬᠦ ᠪᠠᠷ ᠨᠢ ᠡᠮᠡᠭᠡᠨ ᠲᠡᠭᠦᠨ ᠢ《 ᠲᠡᠭᠷᠢ ᠶᠢᠨ ᠡᠯᠴᠢ》ᠭᠡᠳᠡᠭ᠃ ᠢᠩᠬᠢᠭᠡᠳ ᠲᠡᠭᠷᠢ ᠠᠴᠠ ᠬᠠᠮᠤᠭ ᠤᠨ ᠣᠶᠢᠷ᠎ᠠ᠂ ᠲᠡᠭᠷᠢ ᠶᠢᠨ《 ᠬᠡᠯᠡ》 ᠶᠢ ᠮᠡᠳᠡᠳᠡᠭ《 ᠲᠡᠭᠷᠢ ᠶᠢᠨ ᠡᠯᠴᠢ》— ᠬᠡᠷᠢᠶᠡᠨ ᠤ《 ᠬᠡᠯᠡ》 ᠢ ᠡᠮᠡᠭᠡᠨ ᠭᠤᠸᠠᠢ ᠣᠷᠴᠢᠭᠤᠯᠵᠦ ᠬᠦᠮᠣᠨ ᠲᠦᠷᠣᠯᠬᠢᠲᠡᠨ ᠳᠤ ᠣᠷᠣᠰᠢᠨ ᠲᠣᠭᠲᠠᠨᠢᠬᠤ ᠶᠢᠨ ᠶᠡᠭᠡ ᠣᠬᠠᠭᠠᠨ ᠢ ᠰᠣᠷᠭᠠᠵᠠᠢ᠃        ᠪᠢ ᠣᠣᠯ ᠳᠤ ᠪᠠᠨ ᠬᠡᠷᠢᠶ᠎ᠡ ᠭᠡᠪᠡᠯ ᠬᠠᠷ᠎ᠠ ᠵᠢᠰᠣᠨ ᠳᠤ ᠨᠢ ᠡᠭᠳᠡᠭᠦᠴᠡᠵᠦ᠂ ᠬᠤᠩᠰᠢᠶᠠᠷ ᠬᠤᠰᠢᠭᠤ ᠶᠢ ᠨᠢ ᠵᠢᠪᠡᠭᠦᠴᠡᠵᠦ᠂ ᠬᠤᠪᠳᠤᠭ ᠰᠢᠨᠣᠬᠠᠢ ᠭᠡᠵᠦ ᠵᠢᠭᠰᠢᠵᠦ ᠪᠠᠶᠢᠭᠰᠠᠨ ᠢᠶᠠᠨ ᠲᠣᠰ ᠨᠣᠮ ᠢ ᠣᠭᠰᠢᠭᠰᠠᠨ ᠤ ᠳᠠᠷᠠᠭ᠎ᠠ ᠣᠨᠳᠣᠣ ᠪᠣᠳᠣᠯ ᠲᠠᠢ ᠪᠣᠯᠴᠢᠬᠠᠯ᠎ᠠ᠃ ᠬᠡᠷᠢᠶ᠎ᠡ ᠭᠡᠵᠦ ᠪᠦᠯᠬᠦᠮᠳᠡᠯ ᠲᠠᠢ᠂ ᠦᠨᠡᠨᠴᠢ᠂ ᠠᠴᠢᠯᠠᠯ ᠵᠢᠷᠣᠮ ᠲᠠᠢ᠂ ᠲᠡᠰᠪᠦᠷᠢ ᠵᠣᠷᠢᠭ ᠲᠠᠢ ᠮᠦᠷᠲᠡᠭᠡᠨ ᠬᠦᠮᠣᠨ᠂ ᠪᠠᠶᠢᠭᠠᠯᠢ᠂ ᠨᠡᠶᠢᠭᠡᠮ ᠳᠤ ᠬᠤᠣᠷ ᠦᠭᠡᠢ ᠠᠮᠢᠲᠠᠨ ᠭᠡᠵᠦ ᠲᠠᠨᠢᠯ᠎ᠠ᠃       ᠡᠶᠢᠮᠤ ᠠᠴᠠ ᠪᠢ ᠣᠷᠣᠰᠢᠨ ᠠᠮᠢᠳᠣᠷᠠᠵᠦ ᠪᠠᠶᠢᠭ᠎ᠠ ᠪᠦᠮᠪᠦᠷᠴᠡᠭ ᠢᠶᠠᠨ ᠬᠠᠶᠢᠷᠠᠯᠠᠨ ᠬᠠᠮᠠᠭᠠᠯᠠᠵᠦ ᠶᠠᠪᠣᠬᠤ ᠨᠢ ᠪᠢᠳᠡᠨ ᠤ ᠡᠭᠦᠷᠭᠡ ᠬᠠᠷᠢᠭᠤᠴᠠᠯᠭ᠎ᠠ ᠪᠣᠯᠬᠤ ᠪᠠᠷ ᠪᠠᠷᠠᠬᠤ ᠦᠭᠡᠢ ᠬᠡᠷᠢᠶᠡᠨ ᠳᠤ ᠪᠠᠶᠢᠭ᠎ᠠ ᠬᠠᠨᠢ ᠳᠤ ᠪᠠᠨ ᠦᠨᠡᠨᠴᠢ᠂ ᠡᠵᠡᠨ ᠳᠤ ᠪᠠᠨ ᠭᠤᠣᠯᠴᠢ᠂ ᠠᠴᠢᠯᠠᠯ ᠵᠢᠷᠣᠮ ᠲᠠᠢ᠂ ᠠᠵᠢᠯᠴᠢ ᠬᠦᠳᠡᠯᠮᠦᠷᠢᠴᠢ᠂ ᠬᠦᠮᠣᠨ ᠰᠡᠳᠬᠢᠭᠦᠢ ᠲᠠᠢ ᠡᠶᠢᠮᠣ ᠳᠠᠪᠠᠭᠤᠯᠢᠭ ᠰᠠᠶᠢᠬᠠᠨ ᠵᠠᠩ ᠰᠣᠷᠲᠠᠯ ᠢ ᠨᠢ ᠢᠯᠡᠭᠦᠬᠡᠨ ᠬᠢᠴᠢᠶᠡᠩᠭᠦᠶᠢᠯᠡᠨ ᠰᠣᠷᠣᠯᠴᠠᠪᠠᠯ ᠵᠣᠬᠢᠨ᠎ᠠ ᠭᠡᠰᠡᠨ ᠲᠦᠷᠣᠭ᠍ᠳᠡᠯ ᠣᠷᠣᠪᠠ᠃                   ᠡᠷᠢᠶᠡᠨ ᠬᠤᠳᠠ ᠶᠢᠨ ᠮᠣᠩᠭᠤᠯ ᠦᠨᠳᠣᠰᠣᠳᠡᠨ ᠤ ᠳᠣᠮᠳᠠᠳᠦ ᠰᠣᠷᠭᠠᠭᠤᠯᠢ ᠶᠢᠨ                                         16 ᠠᠩᠬᠢ ᠶᠢᠨ  ᠳᠠᠩᠬᠢᠰ
 
ᠢᠷᠡᠯᠲᠡ᠄ ᠡᠷᠢᠶᠡᠨ ᠬᠤᠲᠠ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号