ᠬᠠᠯᠠᠭᠤᠨ  ᠰᠡᠳᠬᠢᠯᠳᠦ ᠬᠦᠮᠦᠰ ᠬᠠᠨᠳᠢᠪ ᠤᠨ  ᠪᠡᠯᠡᠭ  ᠡᠷᠬᠦᠵᠦ᠂  ᠠᠮᠢᠳᠣᠷᠠᠯ ᠬᠦᠴᠢᠷᠳᠡᠯᠳᠠᠢ ᠰᠣᠷᠣᠭᠴᠢᠳ ᠲᠤ  ᠣᠷᠮ᠎ᠠ  ᠬᠠᠶᠢᠷᠠᠯᠠᠯ᠎ᠠ
ᠨᠡᠶᠢᠲᠡᠯᠡᠭᠰᠡᠨ ᠴᠠᠭ᠄
2019/3/15
      3 ᠰᠠᠷ᠎ᠠ ᠶᠢᠨ13 ᠤ ᠡᠳᠦᠷ᠂ ᠮᠣᠩᠭᠤᠯ ᠦᠨᠳᠣᠰᠣᠳᠡᠨ ᠤ ᠳᠣᠮᠳᠠᠳᠦ ᠰᠣᠷᠭᠠᠭᠤᠯᠢ   ᠶᠢᠨ ᠣᠷᠠᠯᠢᠭ ᠤᠨ ᠠᠰᠠᠷ ᠤᠨ ᠶᠡᠭᠡ ᠳᠢᠩᠬᠢᠮ ᠳᠤ᠂ 100 ᠨᠠᠷ᠎ᠠ ᠰᠣᠷᠣᠭᠴᠢᠳ ᠤᠨ ᠰᠢᠨ᠎ᠡ ᠵᠢᠯ ᠤᠨ ᠵᠢᠵᠢᠭᠬᠡᠨ ᠮᠦᠷᠦᠬᠡᠳᠦᠯ  ᠪᠡᠶᠡᠯᠡᠭᠳᠡᠭᠰᠡᠨ ᠨᠢ᠂ ᠮᠠᠨ ᠤ ᠬᠤᠳᠠ ᠶᠢᠨ 770 ᠨᠡᠷ᠎ᠡ  ᠠᠮᠢᠳᠣᠷᠠᠯ ᠬᠦᠴᠢᠷᠳᠡᠯᠳᠠᠢ ᠰᠣᠷᠣᠭᠴᠢᠳ ᠤᠨ ᠰᠢᠨ᠎ᠡ ᠵᠢᠯ ᠤᠨ ᠵᠢᠵᠢᠭᠬᠡᠨ ᠮᠦᠷᠦᠬᠡᠳᠦᠯ ᠢ ᠪᠡᠶᠡᠯᠡᠬᠦᠯᠬᠦ ᠠᠵᠢᠯᠯᠠᠭ᠎ᠠ ᠠᠮᠵᠢᠯᠳᠠ   ᠲᠠᠢ ᠦᠨᠳᠣᠷᠯᠡᠭᠰᠡᠨ ᠢ  ᠪᠡᠯᠬᠡᠳᠡᠨ᠎ᠡ᠃
      ᠴᠢ ᠴᠢᠩ ᠪᠣᠯ ᠮᠣᠩᠭᠤᠯ ᠦᠨᠳᠣᠰᠣᠳᠡᠨ ᠤ ᠳᠣᠮᠳᠠᠳᠦ ᠰᠣᠷᠭᠠᠭᠤᠯᠢ ᠶᠢᠨ ᠦᠨᠳᠣᠷ ᠬᠤᠶᠠᠷ ᠤᠨ ᠰᠣᠷᠣᠭᠴᠢ ᠪᠣᠯᠣᠨ᠎ᠠ᠂ ᠳᠡᠬᠦᠨ ᠤ ᠰᠢᠨ᠎ᠡ ᠵᠢᠯ ᠤᠨ  ᠮᠦᠷᠦᠬᠡᠳᠦᠯ ᠨᠢ ᠪᠦᠬᠦ ᠬᠢᠴᠢᠶᠡᠯ ᠲᠦᠷᠦᠯ ᠤᠨ ᠳᠠᠪᠳᠠᠬᠤ ᠮᠠᠲ᠋ᠧᠷᠢᠶᠡᠯ ᠲᠠᠢ ᠪᠣᠯᠬᠤ ᠬᠦᠰᠡᠯ ᠪᠣᠯᠣᠨ᠎ᠠ᠃ ᠳᠣᠰ ᠣᠳᠠᠭᠠᠨ ᠤ ᠠᠵᠢᠯᠯᠠᠭ᠎ᠠ ᠪᠠᠷ ᠳᠠᠮᠵᠢᠨ ᠳᠡᠬᠦᠨ ᠤ ᠮᠦᠷᠦᠬᠡᠳᠦᠯ ᠨᠢ ᠪᠡᠶᠡᠯᠡᠭᠳᠡᠪᠡ᠃ ︽ ᠢᠷᠡᠬᠦ ᠵᠢᠯ ᠣᠯᠣᠰ ᠤᠨ ᠰᠢᠯᠭᠠᠯᠳᠠ ᠳᠤ ᠣᠷᠣᠬᠤ  ᠳᠣᠯᠠ᠂ ᠪᠢ ᠦᠪᠡᠷ  ᠤᠨ ᠰᠣᠷᠣᠯᠭ᠎ᠠ ᠶᠢᠨ ᠬᠢᠷᠢ ᠪᠦᠳᠦᠮᠵᠢ ᠪᠠᠨ ᠳᠡᠭᠡᠭᠰᠢᠯᠡᠬᠦᠯᠦᠶ᠎ᠡ ᠬᠡᠵᠦ ᠪᠣᠳᠣᠵᠦ ᠪᠠᠶᠢᠨ᠎ᠠ᠃ ᠬᠡᠪᠡᠴᠦ ᠪᠦᠬᠦ ᠬᠢᠴᠢᠶᠡᠯ ᠳᠦᠷᠦᠯ ᠤᠨ ᠳᠠᠪᠳᠠᠬᠤ ᠮᠠᠲ᠋ᠧᠷᠢᠶᠡᠯ ᠨᠠᠯᠢᠶᠡᠳ ᠦᠨᠡᠳᠠᠢ᠃ ᠨᠢᠭᠡ ᠡᠳᠦᠷ ᠮᠠᠨ ᠤ ᠠᠩᠬᠢ ᠶᠢᠨ ᠪᠠᠭᠰᠢ ᠠᠴᠠ ᠰᠣᠷᠣᠭᠴᠢᠳ ᠤᠨ ᠬᠦᠰᠡᠯ ᠮᠦᠷᠦᠬᠡᠳᠦᠯ ᠢ ᠪᠡᠶᠡᠯᠡᠬᠦᠯᠬᠦ ᠠᠵᠢᠯᠯᠠᠭ᠎ᠠ ᠶᠠᠪᠣᠭᠳᠠᠵᠦ ᠪᠠᠶᠢᠨ᠎ᠠ ᠬᠡᠬᠦ ᠳᠤ ᠪᠢ ᠨᠡᠷ᠎ᠡ ᠪᠠᠨ ᠮᠡᠳᠡᠬᠦᠯᠪᠡ᠃ ᠦᠨᠦᠳᠦᠷ  ᠮᠢᠨᠦ ᠮᠦᠷᠦᠬᠡᠳᠦᠯ   ᠪᠡᠶᠡᠯᠡᠭᠳᠡᠯ᠎ᠡ︾  ᠬᠡᠪᠡ᠃ ᠳᠠᠷᠠ ᠪᠠᠰᠠ ︽ ᠡᠳᠡᠬᠡᠷ ᠬᠠᠯᠠᠭᠤᠨ ᠰᠡᠳᠬᠢᠯᠳᠦ ᠬᠦᠮᠦᠰ ᠤᠨ ᠳᠡᠮᠵᠢᠯᠭᠡ ᠶᠢ ᠪᠢ ᠦᠪᠡᠷ ᠤᠨ ᠰᠣᠷᠣᠯᠭ᠎ᠠ ᠶᠢᠨ ᠬᠦᠳᠡᠯᠭᠡᠭᠦ ᠬᠦᠴᠦ ᠪᠣᠯᠭᠠᠨ ᠬᠤᠪᠢᠷᠠᠭᠤᠯᠵᠦ᠂ ᠣᠯᠣᠰ ᠤᠨ ᠰᠢᠯᠭᠠᠯᠳᠠ ᠳᠤ  ᠰᠠᠶᠢᠨ ᠬᠢᠷᠢ ᠪᠦᠳᠦᠮᠵᠢ  ᠣᠯᠣᠨ᠎ᠠ᠂  ᠬᠤᠵᠢᠮ ᠬᠤᠶᠢᠰᠢᠳᠠ ᠨᠠᠩ ᠣᠯᠠᠨ ᠬᠦᠮᠦᠰ ᠢ ᠬᠠᠪᠰᠣᠷᠣᠨ᠎ᠠ  ︾ ᠬᠡᠯ᠎ᠡ᠃      ᠬᠠᠨᠳᠢᠪ ᠡᠷᠬᠦᠭᠴᠢ ᠪᠠᠶᠢᠭᠠᠯᠢ᠄ ︽  ᠪᠠᠭᠠᠴᠣᠳ ᠨᠢ ᠬᠦᠴᠦᠷᠬᠡᠭ ᠪᠣᠯ ᠣᠯᠣᠰ ᠬᠦᠴᠦᠷᠭᠡᠭ ᠬᠡᠳᠡᠭ᠂ ᠬᠡᠣᠬᠡᠳ ᠪᠣᠯ ᠪᠢᠳᠠᠨ ᠤ ᠢᠷᠡᠭᠡᠳᠦᠢ ᠶᠤᠮ᠃ ᠡᠳᠡᠭᠡᠷ ᠬᠡᠣᠬᠡᠳ ᠤᠨ ᠬᠦᠰᠡᠯ ᠮᠦᠷᠦᠬᠡᠳᠦᠯ ᠨᠢ ᠵᠦᠪᠬᠡᠨ ᠪᠢᠴᠢᠭ  ᠤᠨ ᠪᠣᠭᠴᠦ᠂ ᠬᠠᠷᠠᠨᠳᠠ ᠪᠢᠷ᠂ ᠨᠣᠮ ᠪᠢᠴᠢᠭ᠂ ᠬᠦᠯ ᠪᠦᠮᠪᠦᠭᠡ ᠵᠡᠷᠭᠡ ᠪᠣᠯᠣᠨ᠎ᠠ᠃ ᠳᠡᠳᠡᠨ ᠤ ᠬᠠᠮᠤᠭ ᠤᠨ ᠪᠣᠷᠣᠭᠵᠢᠭᠤᠨ ᠴᠠᠶᠢᠯᠭᠠᠨ ᠬᠦᠰᠡᠯ ᠮᠦᠷᠦᠬᠡᠳᠦᠯ ᠪᠣᠯᠣᠨ᠎ᠠ᠃ ᠪᠢᠳᠠ ᠳᠡᠳᠡᠨ ᠤ ᠮᠦᠷᠦᠬᠡᠳᠦᠯ ᠢ ᠬᠠᠪᠰᠣᠷᠣᠨ ᠪᠡᠶᠡᠯᠡᠬᠦᠯᠦᠭᠰᠡᠨ ᠳᠤ᠂ ᠳᠡᠳᠡ ᠪᠢᠳᠠᠨ ᠳᠤ ᠬᠠᠷᠢᠭᠤ ᠳᠠᠯᠠᠷᠬᠠᠯ ᠤᠨ ᠵᠠᠬᠢᠳᠠᠯ ᠬᠦᠷᠬᠡᠪᠡ᠃ ᠬᠡᠣᠬᠡᠳ ᠤᠨ ᠦᠪᠡᠷ  ᠤᠨ ᠭᠠᠷ ᠢᠶᠠᠷ ᠢᠶᠠᠨ ᠬᠢᠭᠰᠡᠨ ᠪᠦᠳᠦᠬᠡᠯ ᠢ ᠦᠵᠡᠭᠡᠳ ᠮᠢᠨᠦ ᠰᠡᠳᠬᠢᠯ ᠦᠪᠡᠷ ᠤᠨ ᠡᠷᠭᠡ ᠦᠭᠡᠢ ᠳᠣᠭᠳᠣᠯᠣᠨ᠎ᠠ︾  ᠬᠡᠵᠦ ᠬᠡᠯᠡᠨ᠎ᠡ᠃
     ᠣᠶᠢᠯᠠᠭᠠᠭᠰᠠᠨ   ᠢᠶᠠᠷ᠂ ︽ ᠠᠮᠢᠳᠣᠷᠠᠯ ᠬᠦᠴᠢᠷᠳᠡᠯᠳᠠᠢ ᠰᠣᠷᠣᠭᠴᠢᠳ ᠤᠨ ᠰᠢᠨ᠎ᠡ ᠵᠢᠯ ᠤᠨ ᠮᠦᠷᠦᠬᠡᠳᠦᠯ ᠢ ᠪᠡᠶᠡᠯᠡᠬᠦᠯᠬᠦ︾ ᠠᠵᠢᠯᠯᠠᠭ᠎ᠠ ᠶᠢ ᠬᠤᠳᠠ ᠶᠢᠨ ᠨᠠᠮ ᠤᠨ ᠬᠤᠷᠢᠶᠠᠨ ᠤ ᠵᠣᠬᠢᠶᠠᠨ ᠪᠠᠶᠢᠭᠤᠯᠬᠤ ᠬᠡᠯᠳᠡᠰ᠂ ᠣᠬᠠᠭᠤᠯᠬᠤ ᠬᠡᠯᠳᠡᠰ᠂ ᠪᠣᠯᠪᠠᠰᠣᠨ ᠬᠤᠳᠠ ᠶᠢ  ᠡᠬᠦᠳᠦᠨ ᠪᠠᠶᠢᠭᠤᠯᠬᠤ ᠠᠯᠪᠠᠨ ᠬᠡᠷ᠂ ᠬᠤᠳᠠ ᠶᠢᠨ ᠠᠵᠢᠯᠴᠢᠨ ᠤ  ᠶᠡᠷᠦᠩᠬᠡᠢ ᠡᠪᠯᠡᠯ᠂  ᠡᠪ ᠬᠠᠮᠳᠦ  ᠵᠠᠯᠠᠭᠤᠴᠣᠳ ‍ᠤᠨ‌ᠡᠪᠯᠡᠯ ᠤᠨ ᠬᠤᠷᠢᠶ᠎ᠠ᠂ ᠡᠮᠡᠭᠳᠠᠶᠢᠴᠣᠳ ᠤᠨ  ᠬᠤᠯᠪᠣᠭᠠᠳᠦ ᠬᠤᠷᠠᠯ᠂ ᠬᠤᠳᠠ ᠶᠢᠨ ᠣᠯᠠᠭᠠᠨ ᠵᠠᠭᠠᠯᠮᠠᠶᠢᠳᠠᠨ ᠤ ᠨᠠᠶᠢᠬᠡᠮᠯᠢᠭ  ᠵᠡᠷᠭᠡ ᠬᠤᠯᠪᠣᠭᠠᠯᠠᠨ ᠡᠷᠬᠢᠯᠡᠵᠦ᠂  ᠨᠠᠩ ᠣᠯᠠᠨ ᠬᠡᠣᠬᠡᠳ  ᠤᠨ  ᠬᠦᠰᠡᠯ ᠮᠦᠷᠦᠬᠡᠳᠦᠯ ᠢ ᠪᠡᠶᠡᠯᠡᠬᠦᠯᠵᠦ᠂  ᠳᠡᠳᠡᠨ ᠳᠤ ᠨᠠᠶᠢᠬᠡᠮ  ᠵᠢᠷᠣᠮᠳᠦ ᠶᠡᠭᠡ ᠬᠡᠷ  ᠪᠦᠯᠢ ᠶᠢᠨ ᠬᠠᠶᠢᠷ᠎ᠠ ᠬᠠᠯᠠᠮᠵᠢ ᠶᠢ  ᠮᠡᠳᠡᠷᠡᠬᠦᠯᠬᠦ ᠵᠣᠷᠢᠯᠭ᠎ᠠ ᠪᠠᠷ  ᠪᠦᠬᠦ ᠬᠤᠳᠠ ᠶᠢᠨ 8  ᠳᠣᠮᠳᠠᠳᠦ ᠪᠠᠭ᠎ᠠ ᠰᠣᠷᠭᠠᠭᠤᠯᠢ   ᠶᠢᠨ 770 ᠨᠠᠷ᠎ᠠ ᠰᠣᠷᠣᠭᠴᠢ  ᠴᠣᠭᠯᠠᠭᠤᠯᠵᠦ᠂ ᠳᠡᠳᠡᠨ ᠤ  ᠵᠢᠵᠢᠭᠬᠡᠨ ᠮᠦᠷᠦᠬᠡᠳᠦᠯ   ᠢᠶᠠᠨ ᠪᠡᠶᠡᠯᠡᠬᠦᠯᠬᠦ ᠳᠤ ᠳᠡᠮᠵᠢᠯᠭᠡ  ᠦᠵᠡᠬᠦᠯᠦᠭᠰᠡᠨ ᠪᠠᠶᠢᠨ᠎ᠠ᠃
 
ᠢᠷᠡᠯᠲᠡ᠄ ᠡᠷᠢᠶᠡᠨ ᠬᠤᠲᠠ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号