ᠬᠤᠳᠠ ᠶᠢᠨ ᠳᠣᠳᠣᠭᠠᠳᠦ  ᠶᠢ ᠬᠠᠮᠠᠭᠠᠯᠠᠬᠤ ᠳᠣᠪᠴᠢᠶ᠎ᠠ ᠣᠯᠠᠨ ᠳᠠᠯ᠎ᠠ  ᠠᠴᠠ  ᠠᠷᠠᠳ ᠣᠯᠠᠨ ᠤ ᠠᠰᠢᠭ ᠳᠣᠰᠠ ᠶᠢ ᠬᠠᠮᠠᠭᠠᠯᠠᠬᠤ ᠳᠣᠬᠠᠢ ᠣᠬᠠᠭᠤᠯᠭ᠎ᠠ ᠬᠢᠪᠡ
ᠨᠡᠶᠢᠲᠡᠯᠡᠭᠰᠡᠨ ᠴᠠᠭ᠄
2019/3/18
       ᠣᠯᠠᠨ ᠳᠦᠮᠡᠨ ᠤ  ᠮᠡᠬᠡᠯᠡᠯ ᠢ ᠰᠡᠷᠬᠡᠶᠢᠯᠡᠬᠦ ᠣᠬᠠᠮᠰᠠᠷ ᠪᠠ ᠮᠡᠬᠡᠯᠡᠯ ᠢ ᠳᠠᠨᠢᠬᠤ ᠴᠢᠳᠠᠪᠣᠷᠢ ᠶᠢ  ᠴᠢᠩᠭᠠᠳᠬᠠᠵᠦ᠂  ᠮᠠᠬᠡᠯᠡᠭᠰᠡᠨ ᠬᠡᠷᠡᠭ   ᠢ ᠦᠨᠳᠣᠰᠣᠨ ᠠᠴᠠ ᠨᠢ ᠪᠠᠭᠠᠰᠬᠠᠬᠤ ᠶᠢᠨ ᠳᠣᠯᠠᠳᠠ᠂ ᠡᠷᠢᠶᠡᠨ ᠬᠤᠳᠠ  ᠶᠢᠨ ᠳᠣᠳᠣᠭᠠᠳᠦ ᠶᠢ ᠬᠠᠮᠠᠭᠠᠯᠬᠤ ᠳᠣᠪᠴᠢᠶ᠎ᠠ ᠠᠴᠠ ᠣᠶᠢᠷ᠎ᠠ ᠶᠢᠨ ᠬᠤᠭᠤᠴᠠᠭᠠᠨ   ᠳᠤ ᠡᠬᠦᠰᠦᠭᠰᠡᠨ ᠮᠡᠬᠡᠯᠡᠭᠰᠡᠨ ᠬᠡᠷᠡᠭ   ᠢ ᠨᠠᠷᠢᠨ  ᠰᠣᠳᠣᠯᠣᠨ ᠡᠮᠬᠢᠳᠬᠡᠵᠦ᠂ ᠮᠡᠬᠡᠯᠡᠯ ᠢ ᠰᠡᠷᠬᠡᠶᠢᠯᠡᠬᠦ ᠣᠬᠠᠭᠤᠯᠭ᠎ᠠ ᠶᠢ  ᠦᠷᠨᠢᠬᠦᠯᠦᠨ᠂ ᠠᠷᠠᠳ ᠣᠯᠠᠨ ᠤ ᠦᠪᠡᠷ ᠤᠨ ᠠᠰᠢᠭ ᠳᠣᠰᠠ   ᠪᠠᠨ ᠬᠠᠮᠠᠭᠠᠯᠠᠬᠤ ᠣᠬᠠᠮᠰᠠᠷ ᠢ  ᠴᠢᠩᠭᠠᠳᠬᠠᠪᠠ᠃        ᠨᠢᠭᠡ ᠳᠤ᠂ ᠣᠬᠠᠭᠤᠯᠭ᠎ᠠ ᠶᠢᠨ ᠠᠭᠤᠯᠭ᠎ᠠ ᠨᠢ ᠳᠣᠪᠴᠢ ᠠᠪᠰᠠᠷ ᠪᠠᠶᠢᠬᠤ᠃ ︽ ᠵᠠᠰᠠᠭ  ᠵᠠᠬᠢᠷᠭᠠᠨ ᠤ ᠪᠠᠶᠢᠭᠤᠯᠭ᠎ᠠ ᠪᠠ ᠬᠠᠣᠯᠢ ᠴᠠᠭᠠᠵᠠ ᠶᠢᠨ ᠪᠠᠶᠢᠭᠤᠯᠭ᠎ᠠ ᠤᠨ ᠰᠠᠯᠠᠭ᠎ᠠ  ᠮᠦᠴᠢᠷ   ᠤᠨ ᠨᠠᠷ᠎ᠠ ᠶᠢ ᠵᠡᠬᠦᠵᠦ᠂ ᠣᠳᠠᠰᠣᠳᠠᠵᠦ  ᠪᠠᠶᠢᠭ᠎ᠠ  ᠪᠦᠭᠡᠳ ᠳᠠᠩᠰᠠ ᠰᠢᠯᠵᠢᠬᠦᠯᠬᠦ᠂ ᠵᠣᠭᠤᠰ ᠭᠤᠪᠢᠭᠤᠯᠬᠤ  ᠱᠠᠭᠠᠷᠳᠠᠯᠭ᠎ᠠ ᠲᠠᠢ ᠪᠣᠯ ᠪᠦᠷ  ᠮᠡᠬᠡᠯᠡᠯ︔  ᠬᠠᠣᠯᠢ ᠶᠢᠨ ᠪᠠᠳᠣᠯᠠᠭᠠᠵᠢᠭᠤᠯᠣᠯᠳᠠ ᠪᠠᠷ ᠳᠠᠮᠵᠢᠭᠠᠳᠣᠢ ᠴᠠᠬᠢᠮ ᠬᠤᠳᠠᠯᠳᠤᠭ᠎ᠠ᠂ ᠴᠠᠬᠢᠮ ᠪᠢᠯᠧᠲ   ᠤᠨ ᠬᠤᠳᠠᠯᠳᠤᠭ᠎ᠠ ᠪᠣᠯ ᠪᠦᠷ ᠮᠡᠬᠡᠯᠡᠯ︔  ᠭᠠᠷ ᠣᠳᠠᠰᠦ ᠪᠠ ᠳᠣᠣᠷ ᠰᠦᠯᠵᠢᠶ᠎ᠡ ᠪᠠᠷ ᠦᠯᠦ ᠳᠠᠨᠢᠬᠤ ᠬᠦᠮᠦᠨ ᠳᠤ ᠳᠠᠩᠰᠠ ᠰᠢᠯᠵᠢᠬᠦᠯᠬᠦ  ᠂ ᠵᠣᠭᠤᠰ  ᠭᠤᠪᠢᠭᠤᠯᠬᠤ ᠪᠣᠯ ᠪᠦᠷ ᠮᠡᠬᠡᠯᠡᠯ  ︾  ᠬᠡᠬᠦ  ︽ᠭᠤᠷᠪᠡᠨ ᠪᠦᠷ ᠮᠡᠬᠡᠯᠡᠯ︾   ᠨᠢ ᠮᠡᠬᠡᠯᠡᠯ ᠢ ᠰᠡᠷᠬᠡᠶᠢᠯᠡᠬᠦ ᠣᠬᠠᠭᠤᠯᠭ᠎ᠠ ᠶᠢᠨ ᠳᠠᠳᠠᠬᠤ ᠬᠦᠴᠦ ᠶᠢ  ᠨᠡᠮᠡᠭᠳᠡᠬᠦᠯᠬᠦ   ᠪᠠᠷ ᠪᠠᠷᠠᠬᠤ ᠦᠭᠡᠢ᠂ ᠠᠷᠠᠳ ᠣᠯᠠᠨ   ᠤ ᠵᠦᠪᠰᠢᠶᠡᠷᠡᠯ ᠢ  ᠠᠮᠠᠷᠬᠠᠨ ᠣᠯᠳᠠᠭ᠃       ᠬᠤᠶᠠᠷ ᠲᠤ᠂ ᠣᠬᠠᠭᠤᠯᠭ᠎ᠠ ᠶᠢᠨ ᠡᠬᠦᠷᠬᠡᠯᠡᠭᠴᠢ ᠨᠢ ᠣᠯᠠᠨ  ᠶᠠᠩᠵᠦ   ᠶᠢᠨ ᠪᠠᠶᠢᠬᠤ᠃ ᠰᠠᠭᠤᠭᠠᠯᠢ ᠠᠷᠠᠳ ᠤᠨ ᠵᠦᠪᠯᠡᠯ᠂ ᠨᠠᠶᠢᠬᠡᠮ ᠳᠣᠭᠤᠷᠢᠭ  ᠂ ᠪᠠᠩᠬᠢ ᠶᠢᠨ ᠠᠮᠣᠷ   ᠢ ᠬᠠᠮᠠᠭᠠᠯᠠᠭᠴᠢ ᠵᠡᠷᠭᠡ ᠨᠠᠶᠢᠬᠡᠮ ᠤᠨ ᠬᠦᠴᠦᠨ ᠳᠤ ᠨᠠᠶᠢᠳᠠᠵᠦ᠂ ᠠᠮᠣᠷ ᠢ ᠬᠠᠮᠠᠭᠠᠯᠠᠬᠤ ᠬᠠᠮᠳᠣᠷᠠᠭᠰᠠᠨ ᠰᠡᠷᠬᠡᠶᠢᠯᠡᠯᠳᠠ ᠶᠢᠨ ᠠᠩᠬᠢ᠂ ᠨᠠᠶᠢᠬᠡᠮ ᠳᠣᠭᠤᠷᠢᠭ  ᠤᠨ ᠰᠠᠶᠢᠨ  ᠳᠣᠷᠠᠴᠣᠳ ᠢ ᠳᠠᠶᠢᠴᠢᠯᠠᠨ᠂ ᠮᠡᠬᠡᠯᠡᠯ ᠢ ᠰᠡᠷᠬᠡᠶᠢᠯᠡᠬᠦ ᠣᠬᠠᠭᠤᠯᠭ᠎ᠠ ᠶᠢᠨ ᠠᠵᠢᠯᠯᠠᠭ᠎ᠠ ᠳᠤ  ᠣᠷᠣᠯᠴᠠᠭᠤᠯᠣᠨ᠂ ᠳᠣᠳᠣᠭᠠᠳᠦ   ᠶᠢ ᠬᠠᠮᠠᠭᠠᠯᠠᠬᠤ ᠳᠣᠪᠴᠢᠶ᠎ᠠ ᠲᠠᠢ ᠬᠠᠮᠳᠦ   ᠪᠠᠷ ᠮᠡᠬᠡᠯᠡᠯ   ᠤᠨ ᠠᠵᠢᠯᠯᠠᠭ᠎ᠠ ᠶᠢ ᠡᠰᠡᠷᠬᠦᠴᠡᠨ᠎ᠡ᠃        ᠭᠤᠷᠪᠠ᠃  ᠣᠬᠠᠭᠤᠯᠭ᠎ᠠ ᠶᠢᠨ ᠡᠳᠡᠭᠡᠳ ᠨᠢ ᠣᠨᠣᠪᠴᠢᠳᠠᠢ  ᠪᠠᠶᠢᠬᠤ᠃  ᠬᠡᠷᠡᠭ ᠤᠨ ᠵᠠᠳᠠᠯᠣᠯᠳᠠ᠂  ᠡᠮᠬᠢᠳᠬᠡᠯ ᠵᠢᠴᠢ ᠬᠠᠮᠢᠶ᠎ᠠ ᠪᠦᠬᠦᠢ  ᠰᠠᠯᠠᠭ᠎ᠠ ᠮᠦᠴᠢᠷ ᠤᠨ ᠬᠡᠯᠡᠯᠴᠡᠭᠡᠷ ᠨᠣᠳᠠᠯᠣᠯᠳᠠ ᠪᠠᠷ ᠳᠠᠮᠵᠢᠨ᠂ ᠭᠤᠣᠯ ᠪᠣᠯᠬᠤ ᠮᠡᠬᠡᠯᠡᠯ ᠤᠨ  ᠬᠡᠯᠪᠡᠷᠢ᠂ ᠬᠠᠮᠤᠭ ᠰᠢᠨ᠎ᠡ ᠮᠡᠬᠡᠯᠡᠯ ᠤᠨ ᠠᠷᠭ᠎ᠠ  ᠪᠠᠰᠢᠷ᠂   ᠭᠤᠣᠯ ᠪᠣᠯᠬᠤ ᠮᠡᠬᠡᠯᠡᠭᠳᠡᠬᠦ ᠡᠳᠡᠭᠡᠳ— ᠨᠠᠰᠣᠳᠠᠶᠢᠴᠣᠳ᠂ ᠡᠮᠡᠭᠳᠠᠶᠢᠴᠣᠳ᠂ ᠰᠣᠷᠣᠭᠴᠢ ᠵᠡᠷᠭᠡ ᠶᠢ ᠣᠨᠣᠪᠴᠢᠳᠠᠢ ᠳᠣᠭᠳᠠᠭᠠᠵᠦ᠂ ᠬᠡᠷᠡᠭ  ᠤᠨ ᠪᠠᠶᠢᠳᠠᠯ ᠳᠤ ᠬᠠᠨᠳᠣᠭᠤᠯᠣᠨ ᠣᠬᠠᠭᠤᠯᠭ᠎ᠠ ᠶᠢᠨ ᠳᠦᠰᠦᠯ ᠢᠶᠠᠨ ᠳᠣᠭᠳᠠᠭᠠᠵᠦ᠂ ᠬᠠᠨᠳᠣᠯᠭ᠎ᠠ ᠲᠠᠢ ᠪᠠᠷ ᠣᠬᠠᠭᠤᠯᠭ᠎ᠠ  ᠬᠢᠨ᠎ᠡ᠃  ᠮᠡᠬᠡᠯᠡᠯ ᠤᠨ ᠬᠡᠷᠡᠭ ᠢ  ︽ᠡᠬᠦᠰᠬᠦ ᠠᠴᠠ ᠨᠢ ᠡᠮᠦᠨ᠎ᠡ᠂ ᠦᠯᠦᠬᠡᠢ  ᠳᠣᠳᠣᠷ᠎ᠠ ᠨᠢ  ᠪᠣᠭᠤᠮᠢᠯᠠᠵᠦ︾  ᠂  ᠮᠡᠬᠡᠯᠡᠯ ᠢ ᠰᠡᠷᠬᠡᠶᠢᠯᠡᠬᠦ  ᠪᠠᠳᠦ ᠪᠠᠬᠢ ︽ ᠬᠠᠯᠬᠠᠪᠴᠢ ᠬᠡᠷᠡᠮ︾ ᠢ  ᠪᠠᠶᠢᠭᠤᠯᠣᠨ᠎ᠠ᠃
 
ᠢᠷᠡᠯᠲᠡ᠄ ᠡᠷᠢᠶᠡᠨ ᠬᠤᠲᠠ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号