ᠬᠤᠳᠠ ᠶᠢᠨ ᠨᠠᠶᠢᠬᠡᠮ ᠤᠨ ᠠᠰᠠᠷᠠᠮᠵᠢ ᠶᠢᠨ ᠦᠢᠯᠡᠴᠢᠯᠡᠭᠡᠨ ᠤ ᠳᠦᠪ  ᠨᠢᠭᠡ ᠪᠦᠯᠦᠭ ︽  ᠪᠢᠴᠢᠬᠠᠨ ᠯᠧᠢ ᠹᠧᠩ︾  ᠨᠠᠷ  ᠢ ᠣᠭᠳᠣᠨ ᠠᠪᠣᠪᠠ
ᠨᠡᠶᠢᠲᠡᠯᠡᠭᠰᠡᠨ ᠴᠠᠭ᠄
2019/3/7
        3 ᠰᠠᠷ᠎ᠠ ᠶᠢᠨ5 ᠤ ᠡᠳᠦᠷ ᠪᠣᠯ  ︽ᠯᠧᠢ ᠹᠧᠩ ᠠᠴᠠ ᠰᠣᠷᠣᠯᠴᠠᠬᠤ ᠡᠳᠦᠷ  ︾ ᠪᠣᠯᠣᠨ᠎ᠠ᠃ ᠯᠧᠢ ᠹᠧᠩ ᠤᠨ ᠵᠣᠷᠢᠭ ᠰᠠᠨᠠᠭ᠎ᠠ ᠶᠢ ᠦᠷᠬᠦᠯᠵᠢᠯᠡᠨ ᠵᠠᠯᠭᠠᠮᠵᠢᠯᠠᠬᠤ  ᠪᠠ ᠪᠠᠳᠠᠷᠠᠭᠤᠯᠵᠦ᠂ ᠰᠣᠷᠣᠭᠴᠢᠳ ᠲᠤ ᠪᠣᠰᠣᠳ ᠢ  ᠬᠠᠶᠢᠷᠠᠯᠠᠵᠦ᠂  ᠨᠠᠶᠢᠭᠡᠮ ᠳᠤ ᠣᠶᠢᠯᠠᠴᠢᠯᠠᠬᠦ ᠵᠣᠷᠢᠭ ᠰᠠᠨᠠᠭ᠎ᠠ ᠶᠢ ᠬᠦᠮᠦᠵᠢᠬᠦᠯᠦᠨ᠂ ᠠᠬᠠᠮᠠᠳ ᠨᠠᠰᠣᠳᠠᠶᠢᠴᠣᠳ ᠢᠶᠠᠨ ᠬᠠᠶᠢᠷᠠᠯᠠᠵᠦ ᠬᠦᠨᠳᠦᠯᠡᠬᠦ ᠳᠣᠮᠳᠠᠳᠦ ᠶᠢᠨ ᠣᠯᠠᠮᠵᠢᠯᠠᠯᠳᠦ ᠰᠠᠶᠢᠬᠠᠨ ᠵᠠᠩ ᠳᠠᠳᠬᠠᠯ ᠢ ᠪᠠᠳᠠᠷᠠᠭᠤᠯᠬᠤ ᠶᠢᠨ ᠳᠣᠯᠠᠳᠠ᠂ ᠡᠷᠢᠶᠡᠨ ᠬᠤᠳᠠ ᠶᠢᠨ ᠮᠣᠩᠭᠤᠯ  ᠦᠨᠳᠣᠰᠣᠳᠡᠨ ᠤ ᠪᠠᠭ᠎ᠠ ᠰᠣᠷᠭᠠᠭᠤᠯᠢ ᠶᠢᠨ ᠵᠢᠷᠭᠤᠳᠣᠭᠠᠷ ᠣᠨ ᠤ ᠳᠦᠷᠪᠡᠳᠦᠬᠡᠷ  ᠠᠩᠬᠢ   ᠶᠢᠨ ᠰᠣᠷᠣᠭᠴᠢᠳ ᠬᠤᠳᠠ ᠶᠢᠨ ᠨᠠᠶᠢᠬᠡᠮ ᠤᠨ ᠠᠰᠠᠷᠠᠮᠵᠢ ᠶᠢᠨ ᠦᠢᠯᠡᠴᠢᠯᠡᠭᠡᠨ ᠤ ᠳᠦᠪ ᠲᠤ ᠬᠦᠷᠴᠦ᠂  ︽ᠯᠧᠢ ᠹᠧᠩ   ᠠᠴᠠ ᠰᠣᠷᠣᠯᠴᠠᠬᠤ ᠡᠳᠦᠷ  ︾ ᠤᠨ ᠠᠵᠢᠯᠯᠠᠭ᠎ᠠ ᠦᠷᠨᠢᠬᠦᠯᠪᠡ᠃          ᠰᠣᠷᠣᠭᠴᠢᠳ ᠠᠰᠠᠷᠠᠮᠵᠢ ᠶᠢᠨ ᠭᠠᠵᠠᠷ ᠤᠨ ᠡᠬᠦᠳᠠ ᠴᠣᠩᠬᠤ᠂ ᠰᠢᠷᠡᠭᠡ ᠰᠠᠨᠳᠠᠯᠢ  ᠪᠠ ᠱᠠᠳᠣᠨ ᠤ ᠳᠦᠰᠢᠯᠭᠡ ᠶᠢ ᠵᠦᠯᠬᠡᠵᠦ ᠠᠷᠴᠢᠨ᠂ ᠠᠰᠠᠷᠠᠮᠵᠢ ᠶᠢᠨ ᠭᠠᠵᠠᠷ ᠤᠨ ᠨᠠᠰᠣᠳᠠᠳ ᠲᠠᠢ ᠵᠣᠭᠤᠭ ᠳᠡᠯᠬᠡᠨ᠂ ᠰᠡᠳᠬᠢᠯ ᠢ  ᠨᠢ ᠰᠡᠷᠬᠦᠬᠡᠨ ᠪᠠᠶᠠᠷᠯᠠᠭᠤᠯᠣᠨ᠎ᠠ᠃ ᠠᠰᠠᠷᠠᠮᠵᠢ ᠶᠢᠨ ᠭᠠᠵᠠᠷ ᠤᠨ ᠨᠠᠰᠣᠳᠠᠳ ᠳᠡᠳᠡᠨ ᠤ ᠦᠢᠯᠡ ᠠᠵᠢᠯᠯᠠᠭ᠎ᠠ ᠶᠢ ᠦᠵᠡᠬᠡᠳ ᠦᠪᠡᠷ ᠤᠨ ᠡᠷᠭᠡ ᠦᠭᠡᠢ ᠰᠡᠳᠬᠢᠯ ᠬᠦᠳᠡᠯᠦᠨ᠎ᠡ᠃         ᠳᠣᠰ ᠣᠳᠠᠭᠠᠨ ᠤ ᠠᠵᠢᠯᠯᠠᠭ᠎ᠠ ᠨᠢ ᠨᠠᠰᠣᠳᠠᠶᠢᠴᠣᠳ ᠲᠤ ᠬᠠᠶᠢᠷ᠎ᠠ ᠬᠠᠯᠠᠮᠵᠢ ᠬᠦᠷᠳᠡᠭᠡᠭᠰᠡᠨ ᠢᠶᠠᠷ ᠪᠠᠷᠠᠬᠤ ᠦᠭᠡᠢ᠂ ᠵᠠᠯᠠᠭᠤ ᠪᠠᠭᠠᠴᠣᠳ ᠲᠤ ᠨᠢᠭᠡᠨ ᠣᠳᠠᠭᠠᠨ ᠤ  ᠠᠬᠠᠮᠠᠳ ᠨᠠᠰᠣᠳᠠᠶᠢᠴᠣᠳ ᠢᠶᠠᠨ ᠬᠠᠶᠢᠷᠠᠯᠠᠵᠦ ᠬᠦᠨᠳᠦᠯᠡᠬᠦ ᠣᠯᠠᠮᠵᠢᠯᠠᠯᠳᠦ ᠰᠠᠶᠢᠬᠠᠨ ᠵᠠᠩ ᠳᠠᠳᠬᠠᠯ ᠤᠨ ᠬᠦᠮᠦᠵᠢᠯ ᠬᠦᠷᠳᠡᠬᠡᠪᠡ᠃
 
ᠢᠷᠡᠯᠲᠡ᠄ ᠡᠷᠢᠶᠡᠨ ᠬᠤᠲᠠ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号