ᠠ᠊᠂ ᠣᠳᠠ | | ᠮᠣᠩᠭᠤᠯ ᠬᠡᠷ 2500 —3000 ᠵᠢᠯ ᠤᠨ ᠳᠡᠣᠬᠡ ᠲᠠᠢ ᠬᠡᠵᠦ ᠦᠵᠡᠳᠡᠭ ᠪᠢᠯᠡ᠃ ᠮᠣᠩᠭᠤᠯ | ᠣᠯᠣᠰ ᠤᠨ ᠭᠤᠪᠢ ᠠᠯᠳᠠᠢ ᠠᠶᠢᠮᠠᠭ ᠤᠨ ᠨᠠᠷᠠᠨ ᠰᠣᠮᠣ ᠶᠢᠨ ᠴᠠᠭᠠᠨ ᠭᠤᠣᠯ᠂ ᠦᠪᠣᠷᠬᠠᠩᠭᠠᠢ ᠠᠶᠢᠮᠠᠭ ᠤᠨ | ᠬᠤᠪᠳᠦ ᠰᠣᠮᠣ ᠶᠢᠨ ᠳᠡᠪᠰᠢ ᠶᠢᠨ ᠬᠠᠳᠠᠨ ᠵᠢᠷᠤᠭ ᠤᠳ ᠲᠤ ᠮᠣᠩᠭᠤᠯ ᠬᠡᠷ ᠢ ᠳᠦᠷᠰᠦᠯᠡᠭᠰᠡᠨ ᠪᠠᠶᠢᠳᠠᠭ᠃ ᠰᠧ | ᠮᠠ ᠴᠢᠶᠠᠨ ᠤ ︽ ᠰᠣᠳᠣᠷ ᠳᠡᠮᠳᠡᠭᠯᠡᠯ︾ ᠳᠤ ᠢᠰᠡᠬᠡᠢ ᠬᠡᠷ ᠤᠨ ᠳᠣᠬᠠᠢ ᠳᠡᠮᠳᠡᠭᠯᠡᠯ ᠪᠣᠢ᠃ ᠮᠣᠩᠭᠤᠯ ᠬᠡᠯᠡᠨ | ᠳᠠᠬᠢ ᠬᠡᠷ ᠪᠣᠯ ᠮᠣᠩᠭᠤᠯ ᠬᠡᠷ ᠢ ᠬᠡᠯᠡᠵᠦ ᠪᠠᠶᠢᠨ᠎ᠠ᠃ ᠮᠠᠨ ᠤ ᠦᠪᠣᠷ ᠮᠣᠩᠭᠤᠯ ᠳᠤ ᠬᠡᠷ ᠤᠨ ᠳᠣᠬᠠᠢ | ᠣᠬᠠᠭᠳᠠᠬᠤᠨ ᠦᠷᠬᠡᠨ ᠪᠠᠶᠢᠳᠠᠭ ᠪᠣᠯ ᠮᠣᠩᠭᠤᠯ ᠣᠯᠣᠰ ᠲᠤ ᠬᠡᠷ ︵ ᠮᠣᠩᠭᠤᠯ ᠬᠡᠷ︶᠂ ᠪᠠᠶᠢᠰᠢᠩ ︵ ᠰᠢᠪᠡᠷ | ᠳᠣᠭᠤᠰᠬᠠᠨ ᠪᠦᠳᠦᠴᠡ ᠲᠠᠢ ᠨᠢᠭᠡ ᠳᠠᠪᠬᠤᠷ ᠪᠠᠶᠢᠰᠢᠩ︶ ᠂ ᠣᠷᠣᠨ ᠰᠠᠭᠤᠴᠠ ︵ ᠠᠰᠠᠷ︶ ᠬᠡᠵᠦ ᠢᠯᠭᠠᠵᠦ | ᠨᠡᠷᠡᠯᠡᠳᠡᠭ᠃ | ᠪᠡᠬᠡᠵᠢᠩ ᠤᠨ ᠠᠰᠠᠷ ᠪᠠᠷᠢᠯᠭ᠎ᠠ ᠶᠢᠨ ᠺᠣᠮᠫᠠᠨᠢ ᠶᠢᠨ ᠨᠢᠭᠡᠨ ᠡᠵᠡᠨ ᠮᠣᠩᠭᠤᠯ ᠣᠯᠣᠰ ᠲᠤ ᠠᠵᠢᠯ ᠤᠨ | ᠠᠶᠢᠯᠴᠢᠯᠠᠯ ᠬᠢᠵᠦ ᠢᠷᠡᠬᠡᠳ᠂ ᠮᠣᠩᠭᠤᠯ ᠳᠤ ᠬᠡᠷ ᠦᠭᠡᠢ ᠬᠦᠮᠦᠨ ᠪᠠᠶᠢᠳᠠᠭ ᠦᠭᠡᠢ ᠶᠤᠮ ᠪᠠᠶᠢᠨ᠎ᠠ᠃ ᠪᠡᠬᠡᠵᠢᠩ | ᠳᠤ ᠬᠦᠯᠦᠰᠣᠨ ᠠᠵᠢᠯ ᠬᠢᠵᠦ ᠪᠣᠢ ᠦᠢ ᠳᠦᠮᠡᠨ ᠵᠠᠯᠠᠭᠤᠰ ᠲᠤ ᠵᠣᠷᠢᠭᠤᠯᠵᠦ᠂ ᠬᠤᠳᠠ ᠶᠢᠨ ᠵᠠᠬ᠎ᠠ᠂ ᠠᠭᠤᠯᠠ | ᠶᠢᠨ ᠬᠠᠵᠠᠭᠤ ᠪᠠᠷ ᠮᠣᠩᠭᠤᠯ ᠬᠡᠷ ᠪᠠᠷᠢᠵᠦ᠂ ᠵᠠᠯᠠᠭᠤᠰ ᠢᠶᠠᠨ ᠣᠷᠣᠬᠤ ᠬᠡᠷ ᠣᠭᠤᠴᠢᠬᠤ ᠠᠶᠠᠭ᠎ᠠ ᠲᠠᠢ ᠪᠣᠯᠭᠠᠬᠤ | ᠶᠤᠮ ᠰᠠᠨ ᠬᠡᠵᠦ ᠵᠣᠬᠢᠶᠠᠯ ᠪᠢᠴᠢᠵᠦ ᠪᠠᠶᠢᠭᠰᠠᠨ ᠢ ᠣᠩᠰᠢᠵᠦ ᠪᠠᠶᠢᠪᠠ᠃ ᠬᠡᠳᠡᠯ᠎ᠡ ᠣᠯᠠᠩᠬᠢ ᠬᠢᠳᠠᠳ ᠬᠦᠮᠦᠰ | ᠮᠣᠩᠭᠤᠯ ᠬᠡᠷ ᠢ ᠬᠡᠷ ᠲᠤ ᠳᠣᠭᠠᠴᠠᠳᠠᠭ ᠦᠭᠡᠢ᠃ ᠣᠯᠠᠭᠠᠨᠪᠠᠭᠠᠳᠣᠷ ᠲᠤ ᠠᠵᠢᠯᠯᠠᠳᠠᠭ ᠬᠢᠳᠠᠳ ᠤᠳ ᠬᠡᠷ | ᠬᠤᠷᠣᠭᠠᠯᠠᠯ ᠢ ᠬᠢᠳᠠᠳ ᠬᠡᠯᠡᠨ ᠳᠤ ᠶᠠᠳᠠᠭᠤᠰ ᠤᠨ ᠬᠤᠷᠣᠭᠠᠯᠠᠯ ᠬᠡᠵᠦ ᠣᠷᠴᠢᠭᠤᠯᠵᠦ ᠵᠠᠩᠰᠢᠵᠠᠢ᠃ | ᠶᠠᠭ ᠦᠨᠡᠨ ᠳᠤ ᠪᠠᠨ ᠭᠠᠳᠠᠭᠠᠳᠦ ᠶᠢᠨ ᠺᠣᠮᠫᠠᠨᠢ ᠳᠤ ᠦᠨᠳᠣᠷ ᠴᠠᠯᠢᠩ ᠲᠠᠢ᠂ ᠡᠰᠡᠬᠦᠯ᠎ᠡ ᠦᠪᠡᠷ | ᠢᠶᠠᠨ ᠨᠠᠯᠢᠶᠡᠳ ᠬᠦᠷᠦᠩᠬᠡ ᠲᠠᠢ ᠺᠣᠮᠫᠠᠨᠢ ᠠᠵᠢᠯᠯᠠᠭᠤᠯᠳᠠᠭ ᠮᠣᠩᠭᠤᠯᠴᠣᠳ ᠡᠪᠣᠯ ᠵᠣᠨ ᠦᠭᠡᠢ ᠮᠣᠩᠭᠤᠯ ᠬᠡᠷ ᠲᠤ | ᠠᠮᠢᠳᠣᠷᠠᠬᠤ ᠨᠢ ᠪᠣᠢ᠃ ᠠᠶᠠᠯᠠᠯ ᠵᠢᠭᠤᠯᠴᠢᠯᠠᠯ ᠬᠦᠭᠵᠢᠬᠦ᠂ ᠬᠦᠮᠦᠰ ᠤᠨ ᠬᠡᠪᠰᠢᠮᠡᠯ ᠣᠶᠢᠯᠠᠭᠠᠯᠳᠠ ᠵᠠᠳᠠᠷᠠᠬᠤ ᠶᠢᠨ | ᠠᠶ᠎ᠠ ᠶᠢᠨ ᠳᠠᠭᠠᠵᠦ ᠮᠣᠩᠭᠤᠯ ᠬᠡᠷ ᠰᠢᠨᠠᠴᠢᠯᠡᠭᠳᠡᠬᠦ ᠳᠡᠳᠣᠢ ᠦᠭᠡᠢ᠂ ᠬᠦᠭᠵᠢᠭᠰᠡᠨ ᠣᠷᠣᠨ ᠤ ᠬᠦᠮᠦᠰ ᠤᠨ | ᠠᠮᠠᠷᠠᠯᠳᠠ᠂ ᠴᠢᠯᠦᠭᠡ ᠴᠠᠭ ᠢᠶᠠᠨ ᠦᠩᠬᠡᠷᠡᠬᠦᠯᠬᠦ ᠣᠷᠣᠮᠵᠢ ᠪᠣᠯᠣᠭᠰᠠᠨ ᠨᠢ ᠬᠡᠪᠯᠡᠯ ᠮᠡᠳᠡᠬᠡᠯᠡᠯ ᠢᠶᠠᠷ ᠪᠠᠶᠢᠩᠭᠤ | ᠬᠠᠷᠠᠭᠳᠠᠬᠤ ᠪᠣᠯᠵᠠᠢ᠃ | | | | | | | | | | | | | | | | | | | |