ᠬᠠᠳᠠᠭ ᠪᠣᠯ ᠮᠠᠨ ᠤ ᠮᠣᠩᠭᠤᠯᠴᠣᠳ ᠤᠨ ᠦᠷᠬᠦᠯᠵᠢ ᠶᠢᠨ ᠴᠢᠨᠠᠷᠳᠠᠢ ᠳᠡᠬᠡᠳᠦᠯᠡᠨ ᠬᠡᠷᠡᠭᠯᠡᠳᠡᠭ᠂ ᠪᠡᠯᠭᠡ | ᠳᠡᠮᠪᠡᠷᠡᠯ ᠲᠠᠢ ᠬᠠᠮᠢᠶ᠎ᠠ ᠦᠭᠡᠢ ᠭᠠᠵᠠᠷ ᠬᠡᠷᠡᠭᠯᠡᠳᠡᠭ ᠦᠭᠡᠢ᠂ ᠳᠣᠷ᠎ᠠ ᠪᠠᠷ ᠢᠶᠠᠨ ᠬᠠᠶᠠᠳᠠᠭ ᠦᠭᠡᠢ᠂ ᠶᠡᠭᠡ ᠡᠷᠬᠢᠮᠯᠡᠨ | ᠳᠡᠬᠡᠳᠦᠯᠡᠵᠦ᠂ ᠴᠠᠭᠠᠨ ᠰᠠᠷ᠎ᠠ ᠶᠢᠨ ᠵᠣᠯᠭᠠᠯᠳᠠ᠂ ᠬᠤᠷᠢᠮ ᠨᠠᠶᠢᠷ᠂ ᠣᠪᠣᠭᠠᠨ ᠳᠠᠬᠢᠯᠭ᠎ᠠ᠂ ᠵᠢᠯ ᠣᠭᠳᠣᠬᠤ ᠵᠡᠷᠭᠡ | ᠳᠤ ᠬᠠᠷᠢᠯᠴᠠᠨ ᠬᠦᠨᠳᠦᠯᠡᠨ ᠰᠣᠯᠢᠯᠴᠠᠬᠤ ᠭᠠᠷ ᠤᠨ ᠪᠡᠯᠡᠭ ᠪᠣᠯᠬᠤ ᠶᠤᠮ᠃ ᠮᠦᠨᠴᠦ ᠡᠬᠦᠨ ᠢ ᠵᠦᠪ ᠬᠡᠷᠡᠭᠯᠡᠵᠦ | ᠰᠣᠷᠬᠤ ᠨᠢ ᠪᠢᠳᠠᠨ ᠤ ᠣᠳᠣᠮᠰᠢᠯᠳᠦ ᠵᠠᠩ ᠳᠠᠳᠬᠠᠯ ᠢᠶᠠᠨ ᠣᠯᠠᠮᠵᠢᠯᠠᠨ ᠵᠠᠯᠭᠠᠮᠵᠢᠯᠠᠬᠤ ᠳᠤ ᠳᠣᠰᠠ ᠪᠣᠯᠬᠤ ᠪᠠᠶᠢᠬ᠎ᠠ | ᠃ ᠣᠳᠣ ᠶᠢᠨ ᠵᠠᠷᠢᠮ ᠬᠦᠮᠦᠰ ᠬᠠᠳᠠᠭ ᠤᠨ ᠡᠷᠬᠢᠮ ᠳᠡᠬᠡᠳᠦ ᠰᠦᠷ ᠰᠦᠯᠳᠠ ᠶᠢ ᠪᠠᠭᠤᠷᠠᠭᠤᠯᠣᠨ᠂ ᠶᠠᠭᠤᠮ᠎ᠠ | ᠪᠣᠯᠭᠠᠨ ᠳᠤ ᠬᠡᠷᠡᠭᠯᠡᠵᠦ ᠪᠠᠶᠢᠭ᠎ᠠ ᠨᠢ ᠬᠠᠷᠠᠭᠳᠠᠵᠦ᠂ ᠬᠠᠳᠠᠭ ᠤᠨ ᠬᠡᠷᠡᠭᠴᠡᠭᠡ ᠶᠢ ᠵᠦᠪ ᠣᠶᠢᠯᠠᠭᠠᠵᠦ᠂ ᠵᠦᠪ | ᠬᠡᠷᠡᠭᠯᠡᠬᠦ ᠦᠭᠡᠢ᠂ ᠪᠣᠰᠣᠳ ᠦᠨᠳᠣᠰᠣᠳᠡᠨ ᠳᠤ ᠪᠣᠷᠣᠭᠤ ᠦᠵᠠᠯᠳᠠ ᠲᠠᠢ ᠬᠡᠷᠡᠭᠯᠡᠬᠦ ᠬᠡᠮᠵᠢᠶᠡᠨ ᠳᠤ ᠬᠦᠷᠬᠡᠭᠰᠡᠨ | ᠪᠠᠶᠢᠨ᠎ᠠ᠃ ᠳᠠᠷᠣᠢ ᠪᠣᠰᠣᠳ ᠲᠠᠢ ᠬᠠᠳᠠᠭ ᠪᠠᠷᠢᠨ ᠵᠣᠯᠭᠠᠬᠤ ᠳᠠᠭᠠᠨ ᠰᠢᠭᠤᠳ ᠬᠦᠵᠦᠬᠦᠨ ᠳᠤᠨᠢ ᠵᠡᠬᠦᠯᠬᠡᠬᠦ ᠵᠡᠷᠭᠡ | ᠦᠷᠬᠦᠯᠵᠢ ᠬᠠᠷᠠᠭᠳᠠᠳᠠᠭ ᠪᠣᠯᠣᠭᠰᠠᠨ᠃ ᠵᠠᠷᠢᠮ ᠡᠳ᠋ᠯᠡᠵᠦ ᠬᠡᠷᠡᠭᠯᠡᠵᠦ ᠪᠠᠶᠢᠭ᠎ᠠ ᠬᠦᠮᠦᠰ ᠴᠦ ᠮᠠᠯ ᠤᠨ ᠬᠦᠵᠦᠬᠦᠨ | ᠳᠤ ᠣᠶᠠᠬᠤ᠂ ᠮᠣᠷᠢᠨ ᠤ ᠨᠣᠭᠳᠦ ᠬᠠᠵᠠᠭᠠᠷ ᠪᠦᠷᠢᠬᠦ᠂ ᠴᠢᠳᠣᠷ ᠳᠣᠰᠢᠶᠠ ᠴᠢᠮᠠᠬᠦ᠂ ᠡᠮᠡᠬᠡᠯ ᠳᠠᠰᠢᠭᠤᠷ ᠲᠤ | ᠵᠠᠰᠠᠯ ᠤᠨ ᠡᠳ᠋ ᠪᠣᠯᠭᠠᠵᠦ ᠪᠠᠶᠢᠬᠤ᠂ ᠶᠠᠭᠠᠷᠠᠭᠰᠠᠨ ᠨᠢᠭᠡ ᠨᠢ ᠦᠮᠦᠳᠦᠨ ᠳᠠᠯᠠᠢ ᠪᠣᠯᠭᠠᠵᠦ ᠵᠠᠩᠬᠢᠳᠣᠭᠰᠠᠨ ᠴᠦ | ᠬᠠᠷᠠᠭᠳᠠᠬᠤ ᠪᠣᠯᠣᠭᠰᠠᠨ ᠪᠠᠶᠢᠨ᠎ᠠ᠃ ᠡᠶᠢᠮᠦ ᠠᠴᠠ ᠬᠠᠳᠠᠭ ᠢ ᠵᠦᠪ ᠬᠡᠷᠡᠭᠯᠡᠵᠦ᠂ ᠵᠣᠬᠢᠰᠳᠠᠢ ᠡᠳ᠋ᠯᠡᠵᠦ ᠬᠡᠷᠡᠭᠯᠡᠵᠦ | ᠰᠣᠷᠬᠤ ᠨᠢ ᠦᠪᠡᠷ ᠤᠨ ᠦᠨᠳᠣᠰᠣᠳᠡᠨ ᠤ ᠪᠠᠨ ᠵᠠᠩ ᠳᠠᠳᠬᠠᠯ ᠢ ᠳᠡᠬᠡᠳᠦᠯᠡᠨ ᠪᠣᠰᠣᠳ ᠲᠤ ᠬᠡᠪ ᠳᠦᠷᠢᠮ | ᠪᠣᠯᠭᠠᠪᠠᠯ ᠵᠣᠬᠢᠨ᠎ᠠ᠃ | | ᠬᠠᠳᠠᠭ ᠲᠠᠢ ᠵᠣᠯᠭᠠᠬᠤ ᠶᠣᠰᠦ | | ᠬᠠᠳᠠᠭ ᠲᠠᠢ ᠵᠣᠯᠭᠠᠬᠤ᠂ ᠬᠠᠳᠠᠭ ᠪᠠᠷᠢᠵᠦ ᠵᠣᠯᠭᠠᠬᠤ ᠨᠢ ᠵᠣᠯᠭᠠᠭᠴᠢ ᠪᠠᠨ ᠬᠦᠨᠳᠦᠳᠬᠡᠵᠦ ᠪᠠᠶᠢᠭ᠎ᠠ ᠶᠢᠨ | ᠢᠯᠡᠷᠬᠡᠶᠢᠯᠡᠬᠦ ᠳᠠᠯ᠎ᠠ ᠪᠠᠷ ᠢᠶᠠᠨ ᠠᠳᠠᠯᠢ ᠪᠣᠯᠪᠠᠴᠦ ᠢᠯᠭᠠᠭ᠎ᠠ ᠲᠠᠢ ᠳᠠᠯ᠎ᠠ ᠪᠣᠢ᠃ ᠬᠠᠳᠠᠭ ᠪᠠᠷᠢᠵᠦ ᠵᠣᠯᠭᠠᠬᠤ | ᠶᠣᠰᠣᠨ ᠳᠤ ᠳᠡᠬᠦᠣ ᠬᠦᠮᠦᠨ ᠨᠢ ᠠᠬᠠᠮᠠᠳ ᠲᠠᠭᠠᠨ ᠬᠠᠳᠠᠭ ᠢᠶᠠᠨ ᠪᠦᠷᠢᠮᠦᠰᠦᠨ ᠦᠭᠴᠦ ᠵᠣᠯᠭᠠᠳᠠᠭ ᠪᠣᠯ ᠬᠠᠳᠠᠭ | ᠲᠠᠢ ᠵᠣᠯᠭᠠᠬᠤ ᠶᠣᠰᠣᠯᠠᠯ ᠳᠤ ᠬᠠᠳᠠᠭ ᠢᠶᠠᠨ ᠬᠦᠮᠦᠨ ᠳᠤ ᠦᠭᠳᠡᠭ ᠦᠭᠡᠢ᠂ ᠢᠮᠠᠭᠳᠠ ᠦᠪᠡᠷᠳᠡᠬᠡᠨ ᠠᠪᠴᠦ | ᠪᠠᠶᠢᠳᠠᠭ᠃ ᠬᠠᠳᠠᠭ ᠲᠠᠢ ᠵᠣᠯᠭᠠᠨ᠎ᠠ ᠬᠡᠳᠡᠭ ᠨᠢ ᠬᠠᠳᠠᠭ ᠤᠨ ᠢᠶᠠᠨ ᠨᠢᠭᠡ ᠦᠵᠦᠬᠦᠷ ᠠᠴᠠ ᠪᠠᠷᠠᠭᠤᠨ ᠭᠠᠷ ᠤᠨ | ᠢᠶᠠᠨ ᠢᠳᠠᠮ ᠬᠤᠷᠣᠭᠤ ᠶᠢ ᠳᠣᠳᠣᠷ᠎ᠠ ᠳᠠᠯ᠎ᠠ ᠠᠴᠠ ᠨᠢ ᠨᠠᠷᠠ ᠵᠦᠪ ᠬᠤᠶᠠᠷ ᠣᠷᠢᠶᠠᠭᠠᠳ ᠰᠢᠬᠡᠵᠠᠢ ᠬᠤᠷᠣᠭᠤ | ᠲᠠᠢ ᠳᠠᠯ᠎ᠠ ᠣᠷᠣᠭᠤ ᠳᠣᠭᠤᠭᠰᠢ ᠣᠨᠵᠢᠭᠤᠯᠣᠭᠰᠠᠨ ᠴᠢᠭ ᠢᠶᠠᠷ ᠢᠶᠠᠨ ᠵᠣᠯᠭᠠᠨ᠎ᠠ᠃ | | ᠬᠠᠳᠠᠭ ᠪᠠᠷᠢᠬᠤ ᠶᠣᠰᠣᠨ | | ᠮᠣᠩᠭᠤᠯᠴᠣᠳ ᠬᠠᠳᠠᠭ ᠢ ᠪᠠᠷᠢᠬᠤ ᠳᠠᠭᠠᠨ ᠦᠭᠬᠦ ᠬᠦᠮᠦᠨ ᠤ ᠪᠠᠨ ᠦᠬᠡᠳᠠ ᠠᠴᠠ ᠵᠠᠳᠠᠭᠠᠢ ᠠᠮᠠ ᠶᠢ ᠨᠢ | ᠬᠠᠷᠠᠭᠤᠯᠣᠨ ᠦᠭᠳᠡᠭ᠃ ᠬᠠᠳᠠᠭ ᠢ ᠠᠪᠬᠤ ᠳᠠᠭᠠᠨ ᠬᠤᠶᠠᠷ ᠭᠠᠷᠳᠠᠨ᠂ ᠬᠠᠳᠠᠭ ᠤᠨ ᠳᠣᠯᠣᠭᠠᠢ ᠳᠠᠯ᠎ᠠ ᠶᠢ | ᠪᠠᠷᠠᠭᠤᠨ ᠭᠠᠷ ᠳᠡᠭᠡᠷ᠎ᠡ ᠪᠠᠨ ᠳᠠᠯᠪᠢᠵᠦ᠂ ᠪᠠᠷᠠᠭᠤᠨ ᠭᠠᠷ ᠳᠠᠯ᠎ᠠ ᠶᠢ ᠨᠢ ᠵᠡᠬᠦᠨ ᠭᠠᠷ ᠳᠠᠯ᠎ᠠ ᠳᠡᠭᠡᠷ᠎ᠡ ᠨᠣᠭᠤᠯᠣᠨ | ᠡᠪᠬᠡᠨ᠎ᠡ᠃ ᠳᠠᠬᠢᠯ ᠲᠠᠢ ᠬᠠᠳᠠᠭ ᠢ ᠪᠠᠭᠰᠢ᠂ ᠬᠦᠨᠳᠣᠳᠠᠢ ᠬᠦᠮᠦᠨ ᠳᠡᠭᠡᠨ︔ ᠪᠣᠷᠬᠠᠨ ᠲᠠᠢ ᠬᠠᠳᠠᠭ ᠢ ᠡᠴᠢᠬᠡ ᠡᠬᠡ | ᠳᠡᠭᠡᠨ︔ ᠨᠠᠨᠵᠢᠸᠠᠩᠳᠠᠨ ᠬᠠᠳᠠᠭ ᠢ ᠣᠷᠣᠰᠢᠭᠤᠯᠭ᠎ᠠ ᠳᠤ ᠬᠡᠷᠡᠭᠯᠡᠨ᠎ᠡ᠃ ᠬᠠᠳᠠᠭ ᠪᠠᠷᠢᠵᠦ ᠵᠣᠯᠭᠠᠬᠤ᠂ ᠬᠠᠳᠠᠭ ᠲᠠᠢ | ᠵᠣᠯᠭᠠᠬᠤ ᠬᠡᠰᠡᠨ ᠢᠯᠭᠠᠭ᠎ᠠ ᠲᠠᠢ᠃ ᠬᠠᠳᠠᠭ ᠪᠠᠷᠢᠵᠦ ᠵᠣᠯᠭᠠᠬᠤ ᠳᠠᠭᠠᠨ ᠬᠠᠳᠠᠭ ᠢᠶᠠᠨ ᠪᠦᠷᠢᠮᠦᠰᠦᠨ ᠦᠭᠬᠦᠨ᠎ᠡ᠃ | | |