ᠬᠦᠳᠡᠯᠭᠡᠭᠡᠨ ᠳᠣᠳᠠᠭᠳᠠᠬᠤ ᠨᠢ ᠳᠠᠮᠠᠬᠢ ᠠᠴᠠ ᠢᠯᠡᠬᠦᠣ ᠬᠤᠣᠷ ᠬᠦᠨᠦᠬᠡᠯ ᠲᠠᠢ
ᠨᠡᠶᠢᠲᠡᠯᠡᠭᠰᠡᠨ ᠴᠠᠭ᠄
2019/6/26
        ᠬᠦᠳᠡᠯᠭᠡᠭᠡᠨ ᠬᠢᠬᠦ ᠶᠢᠨ ᠰᠠᠶᠢᠨᠳᠠᠢ ᠲᠠᠯ᠎ᠠ ᠶᠢ ᠮᠠᠰᠢ ᠣᠯᠠᠨ ᠬᠦᠮᠦᠨ ᠪᠦᠷ ᠮᠡᠳᠡᠳᠡᠭ᠂ ᠬᠡᠪᠡᠴᠦ ᠬᠦᠳᠡᠯᠭᠡᠭᠡᠨ ᠳᠣᠳᠠᠭᠳᠠᠬᠤ ᠶᠢᠨ ᠠᠶᠣᠯ ᠳᠦᠭᠰᠢᠬᠦᠷᠢ ᠶᠢ ᠣᠯᠠᠨ ᠢᠶᠠᠷ ᠢᠶᠠᠨ ᠶᠡᠷᠦ ᠨᠢ ᠬᠦᠢᠴᠡᠳ ᠬᠦᠨᠳᠦᠳᠬᠡᠬᠦ ᠦᠭᠡᠢ ᠪᠠᠶᠢᠳᠠᠭ᠃ ᠣᠶᠢᠷ᠎ᠠ ᠳᠤ᠂ ᠠᠮᠧᠷᠢᠺᠠ ᠶᠢᠨ ᠺᠷᠢᠹᠯᠠᠨᠳ᠋ ᠡᠮᠨᠡᠯᠭᠡ ᠶᠢᠨ  ᠭᠠᠵᠠᠷ ᠤᠨ ᠬᠢᠨ ᠰᠣᠳᠣᠯᠭᠠᠨ ᠳᠤ  ᠪᠠᠨ ᠬᠦᠳᠡᠯᠭᠡᠭᠡᠨ ᠳᠣᠳᠠᠭᠳᠠᠬᠤ ᠨᠢ ᠳᠡᠮᠠᠬᠢ ᠳᠠᠳᠠᠬᠤ  ᠂ ᠰᠢᠬᠢᠷ ᠰᠢᠵᠢᠩ ᠡᠪᠡᠳᠴᠢᠨ᠂ ᠵᠢᠷᠣᠬᠡᠨ ᠡᠪᠡᠳᠴᠢᠨ ᠠᠴᠠ ᠨᠠᠩ ᠢᠯᠡᠬᠦᠣ ᠡᠷᠡᠬᠦᠯ ᠮᠠᠨᠳᠦ ᠳᠤ ᠬᠤᠣᠷ ᠬᠦᠨᠦᠬᠡᠯ ᠲᠠᠢ ᠪᠠᠶᠢᠳᠠᠭ ᠬᠡᠵᠦ ᠬᠡᠯᠡᠪᠡ᠃          ᠳᠣᠰ ᠡᠮᠨᠡᠯᠭᠡ ᠶᠢᠨ ᠭᠠᠵᠠᠷ1991 ᠣᠨ ᠤ1 ᠰᠠᠷ᠎ᠠ ᠠᠴᠠ2014 ᠣᠨ ᠤ12 ᠰᠠᠷ᠎ᠠ ᠪᠣᠯᠳᠠᠯ᠎ᠠ᠂ 12 ᠳᠦᠮᠡᠨ ᠡᠪᠡᠳᠴᠢᠳᠠᠨ ᠳᠤ ᠬᠦᠶᠦᠬᠦ ᠮᠠᠰᠢᠨ ᠢᠶᠠᠷ ᠬᠦᠳᠡᠯᠭᠡᠭᠡᠨ ᠤ ᠳᠣᠷᠰᠢᠯᠳᠠ ᠬᠢᠵᠦ᠂ ᠬᠦᠳᠡᠯᠭᠡᠭᠡᠨ ᠤ ᠪᠣᠳᠠᠳᠦ ᠬᠢᠷᠢ ᠪᠦᠳᠦᠮᠵᠢ ᠪᠠᠷ ᠰᠠᠭᠤᠷᠢ ᠪᠣᠯᠭᠠᠨ᠂ ᠪᠡᠶ᠎ᠡ ᠪᠠᠨ ᠪᠣᠯᠪᠠᠰᠣᠷᠠᠭᠤᠯᠬᠤ ᠪᠠ ᠡᠯ᠎ᠡ ᠵᠦᠢᠯ ᠤᠨ ᠦᠬᠦᠯ ᠤᠨ ᠠᠶᠣᠯ ᠳᠦᠭᠰᠢᠬᠦᠷᠢ ᠶᠢᠨ ᠬᠠᠷᠢᠴᠠᠭ᠎ᠠ ᠶᠢ ᠰᠣᠳᠣᠯᠵᠠᠢ᠃          ᠰᠣᠳᠣᠯᠭᠠᠨ ᠤ ᠦᠷ᠎ᠡ ᠳ᠋ᠦᠩ ᠳᠤ᠂ ᠬᠦᠶᠦᠯᠳᠠ ᠶᠢᠨ ᠬᠢᠷᠢ ᠪᠦᠳᠦᠮᠵᠢ ᠪᠠᠷ ᠠᠨᠠᠢ ᠡᠪᠡᠳᠴᠢᠳᠠᠨ ᠨᠢ ᠪᠦᠬᠡᠷᠡᠨ ᠤ ᠠᠵᠢᠯᠯᠠᠭ᠎ᠠ ᠪᠦᠷᠢᠨ ᠪᠣᠰᠦ ᠡᠪᠡᠳᠴᠢᠳᠠᠨ ᠢ ᠪᠣᠳᠣᠪᠠᠯ ᠦᠬᠦᠬᠦ ᠠᠶᠣᠯ ᠢᠶᠠᠷ ᠪᠠᠷᠤᠭ 2 ᠳᠠᠬᠢᠨ ᠦᠨᠳᠣᠷ ᠪᠠᠶᠢᠳᠠᠭ᠃          ᠬᠦᠳᠡᠯᠭᠡᠭᠡᠨ ᠪᠠᠭ᠎ᠠ  ᠬᠢᠳᠡᠭ  ᠬᠦᠮᠦᠨ ᠨᠢ ᠬᠦᠳᠡᠯᠭᠡᠭᠡᠨ ᠰᠠᠶᠢᠨ ᠬᠢᠳᠡᠭ ᠬᠦᠮᠦᠨ ᠢ ᠪᠣᠳᠣᠪᠡᠯ ᠦᠬᠦᠬᠦ ᠠᠶᠣᠯ ᠢᠶᠠᠷ 6 ᠳᠠᠬᠢᠨ ᠦᠨᠳᠣᠷ ᠪᠠᠶᠢᠳᠠᠭ ᠢ ᠢᠯᠡᠷᠡᠬᠦᠯᠵᠠᠢ᠃          ᠰᠣᠳᠣᠯᠭᠠᠨ ᠳᠤ ᠪᠠᠰᠠ ᠬᠦᠳᠡᠯᠭᠡᠭᠡᠨ ᠳᠣᠳᠠᠭᠳᠠᠬᠤ ᠨᠢ ᠳᠠᠮᠠᠬᠢ ᠳᠠᠳᠠᠬᠤ᠂ ᠰᠢᠬᠢᠷ ᠰᠢᠵᠢᠩ ᠡᠪᠡᠳᠴᠢᠨ᠂ ᠵᠢᠷᠣᠬᠡᠨ ᠡᠪᠡᠳᠴᠢᠨ ᠠᠴᠠ ᠬᠤᠯᠠ ᠠᠶᠣᠯ ᠲᠠᠢ ᠬᠡᠳᠡᠭ ᠢ ᠢᠯᠡᠷᠡᠬᠦᠯᠪᠡ᠃          ᠬᠦᠳᠡᠯᠭᠡᠭᠡᠨ ᠬᠢᠬᠦ ᠨᠢ ᠡᠷᠡᠬᠦᠯ ᠪᠣᠰᠦ ᠠᠮᠢᠳᠣᠷᠠᠯ ᠤᠨ ᠵᠠᠩ ᠳᠠᠳᠬᠠᠯ ᠠᠴᠠ ᠪᠣᠯᠣᠭᠰᠠᠨ ᠨᠦᠯᠦᠭᠡ ᠶᠢ ᠬᠦᠷᠳᠡᠯ᠎ᠡ ᠠᠷᠢᠯᠭᠠᠵᠦ ᠴᠢᠳᠠᠬᠤ ᠰᠠᠶᠢᠨᠳᠠᠢ ᠳᠠᠯ᠎ᠠ ᠲᠠᠢ ᠪᠣᠯᠬᠤᠷ ᠵᠠᠪᠠᠯ ᠪᠡᠶ᠎ᠡ ᠪᠠᠨ ᠪᠣᠯᠪᠠᠰᠣᠷᠠᠭᠤᠯᠬᠤ ᠬᠡᠷᠡᠭᠳᠠᠢ ᠬᠡᠵᠦ ᠰᠢᠨᠵᠢᠯᠡᠬᠦ ᠣᠬᠠᠭᠠᠨᠳᠠᠳ ᠣᠷᠢᠶᠠᠯᠠᠵᠦ ᠪᠠᠶᠢᠨ᠎ᠠ᠃          ᠡᠬᠦᠨ ᠠᠴᠠ ᠭᠠᠳᠠᠨ᠎ᠠ᠂ ᠰᠣᠳᠣᠯᠭᠠᠨ ᠳᠤ ᠪᠠᠰᠠ ᠬᠦᠳᠡᠯᠭᠡᠭᠡᠨ ᠬᠢᠬᠦ ᠨᠢ ᠡᠷᠡᠭᠳᠠᠢ ᠡᠮᠡᠭᠳᠠᠢ ᠬᠡᠵᠦ ᠢᠯᠭᠠᠯ ᠦᠭᠡᠢ᠂ ᠡᠯ᠎ᠡ ᠨᠠᠰᠣᠨ ᠤ ᠬᠦᠮᠦᠰ ᠲᠤ ᠳᠣᠬᠢᠷᠠᠬᠤ ᠰᠠᠶᠢᠨᠳᠠᠢ ᠳᠠᠯ᠎ᠠ   ᠲᠠᠢ ᠪᠣᠯᠬᠤᠷ ᠦᠨᠳᠦᠷ ᠨᠠᠰᠣᠨ ᠤ ᠬᠦᠮᠦᠰ ᠬᠦᠳᠡᠯᠭᠡᠭᠡᠨ ᠬᠢᠭᠰᠡᠨ ᠴᠦ ᠠᠳᠠᠯᠢᠬᠠᠨ ᠠᠰᠢᠭ ᠬᠦᠷᠳᠡᠨ᠎ᠡ ᠬᠡᠵᠦ ᠰᠠᠨᠠᠭᠤᠯᠵᠠᠢ᠃
 
ᠢᠷᠡᠯᠲᠡ᠄ ᠡᠷᠢᠶᠡᠨ ᠬᠤᠲᠠ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号