ᠪᠦᠬᠦ ᠠᠶᠢᠮᠠᠭ ᠤᠨ  ︽  ᠮᠠᠯᠴᠢᠨ︾  ᠬᠤᠨᠳᠠᠭᠠᠳᠦ  ᠡᠬᠦᠳᠡᠨ ᠪᠦᠮᠪᠦᠭᠡ ᠶᠢᠨ ᠣᠷᠣᠯᠳᠣᠭᠠᠨ ᠳᠤ ᠮᠠᠨ  ᠤ ᠬᠤᠳᠠ  ᠶᠢᠨ ᠳᠦᠯᠦᠬᠡᠯᠡᠭᠴᠢ ᠶᠢᠨ ᠪᠦᠯᠬᠦᠮ ᠳᠡᠷᠢᠬᠦᠯᠡᠪᠡ
ᠨᠡᠶᠢᠲᠡᠯᠡᠭᠰᠡᠨ ᠴᠠᠭ᠄
2019/6/5
 
     ᠮᠠᠯᠴᠢᠨ ᠳᠠᠷᠢᠶᠡᠴᠢᠨ ᠤ  ᠪᠡᠶ᠎ᠡ ᠮᠠᠬᠠᠪᠣᠳ ᠤᠨ ᠬᠡᠪ ᠴᠢᠨᠠᠷ ᠢ ᠪᠦᠬᠦ ᠳᠠᠯ᠎ᠠ ᠪᠠᠷ ᠳᠡᠭᠡᠭᠰᠢᠯᠡᠬᠦᠯᠵᠦ᠂ ᠡᠷᠡᠬᠦᠯ ᠴᠢᠬᠢᠷᠠᠭ ᠠᠮᠢᠳᠣᠷᠠᠯ   ᠤᠨ ᠳᠠᠳᠬᠠᠯ ᠢ ᠬᠦᠭᠵᠢᠬᠦᠯᠬᠦ   ᠶᠢᠨ ᠳᠣᠯᠠᠳᠠ᠂ 5 ᠰᠠᠷ᠎ᠠ ᠶᠢᠨ 25   ᠤ ᠡᠳᠦᠷ᠂ ᠰᠢᠯᠢ ᠶᠢᠨ ᠭᠤᠣᠯ ᠠᠶᠢᠮᠠᠭ ᠤᠨ ᠶᠢᠰᠦᠳᠦᠬᠡᠷ ᠬᠤᠭᠤᠴᠠᠭᠠᠨ ᠤ  ︽ ᠮᠠᠯᠴᠢᠨ︾ ᠬᠤᠨᠳᠠᠭᠠᠳᠦ ᠡᠬᠦᠳᠡᠨ ᠪᠦᠮᠪᠦᠭᠡ  ᠶᠢᠨ ᠣᠷᠣᠯᠳᠣᠭᠠᠨ ᠢ ᠦᠷᠨᠢᠬᠦᠯᠪᠡ᠃ ᠪᠦᠬᠦ ᠠᠶᠢᠮᠠᠭ ᠤᠨ  ᠮᠠᠯᠴᠢᠨ ᠳᠠᠷᠢᠶᠠᠴᠢᠨ ᠢᠶᠠᠷ ᠪᠦᠷᠢᠯᠳᠦᠭᠰᠡᠨ 13 ᠳᠣᠭᠤᠶᠢᠯᠠᠩ᠂ ᠨᠠᠶᠢᠳᠠ 78  ᠨᠠᠰᠣᠳᠠᠶᠢᠴᠣᠳ ᠣᠷᠣᠯᠳᠣᠭᠠᠨ ᠳᠤ ᠣᠷᠣᠯᠴᠠᠵᠦ᠂ ᠣᠷ᠎ᠠ ᠮᠡᠷᠭᠡᠵᠢᠯ ᠢᠶᠠᠨ  ᠰᠣᠷᠢᠵᠦ ᠦᠵᠡᠯᠴᠡᠬᠡᠪᠡ᠃       ᠬᠤᠶᠠᠷ ᠡᠳᠦᠷ ᠤᠨ ᠬᠤᠷᠴᠠ ᠰᠢᠷᠦᠬᠦᠨ ᠦᠷᠢᠰᠦᠯᠳᠦᠬᠡᠨ ᠢᠶᠠᠷ ᠳᠠᠮᠵᠢᠭᠠᠳ᠂ ᠮᠠᠨ ᠤ ᠬᠤᠳᠠ ᠶᠢᠨ ᠳᠦᠯᠦᠬᠡᠯᠡᠭᠴᠢᠳ ᠤᠨ ᠳᠣᠭᠤᠶᠢᠯᠠᠩ ᠰᠢᠯᠢᠳᠡᠭ ᠬᠢᠷᠢ ᠪᠦᠳᠦᠮᠵᠢ ᠪᠠᠷ ᠳᠡᠷᠢᠬᠦᠨ ᠨᠡᠷ᠎ᠡ ᠳᠤ ᠳᠣᠳᠣᠷᠠᠵᠦ᠂ ᠬᠦᠪᠡᠬᠡᠳᠦ ᠰᠢᠷ᠎ᠠ ᠬᠤᠰᠢᠭᠤᠨ ᠤ ᠳᠦᠯᠦᠬᠡᠯᠡᠭᠴᠢᠳ ᠤᠨ ᠳᠣᠭᠤᠶᠢᠯᠠᠩ ᠳᠡᠳ᠋ᠯᠡᠵᠦ᠂ ᠰᠦᠨᠢᠳ ᠪᠠᠷᠠᠭᠤᠨ ᠬᠤᠰᠢᠭᠤ᠂ ᠰᠢᠯᠣᠭᠤᠨ ᠬᠦᠭᠡ ᠬᠤᠰᠢᠭᠤ ᠶᠢᠨ ᠳᠦᠯᠦᠬᠡᠯᠡᠭᠴᠢᠳ ᠤᠨ ᠳᠣᠭᠤᠶᠢᠯᠠᠩ ᠳᠣᠰ ᠳᠣᠰ ᠭᠤᠷᠪᠠ ᠳᠦᠷᠪᠡᠳᠦᠬᠡᠷ   ᠲᠤ ᠣᠷᠣᠪᠠ᠃ ᠳᠣᠰ ᠣᠳᠠᠭᠠᠨ ᠤ ᠡᠬᠦᠳᠡᠨ ᠪᠦᠮᠪᠦᠭᠡ ᠶᠢᠨ ᠳᠣᠭᠤᠶᠢᠯᠠᠩ ᠨᠠᠰᠣᠳᠠᠶᠢᠴᠣᠳ ᠤᠨ ᠰᠣᠶᠣᠯ ᠤᠨ ᠠᠮᠢᠳᠣᠷᠠᠯ ᠢ ᠪᠠᠶᠠᠯᠢᠭᠵᠢᠭᠤᠯᠣᠭᠰᠠᠨ ᠢᠶᠠᠷ ᠪᠠᠷᠠᠬᠤ ᠦᠭᠡᠢ᠂ ᠡᠬᠦᠳᠡᠨ ᠪᠦᠮᠪᠦᠭᠡ ᠶᠢᠨ ᠪᠠᠭ᠋ᠠᠳᠠᠳ ᠲᠤ  ᠮᠡᠷᠬᠡᠵᠢᠯ  ᠢᠶᠠᠨ ᠰᠣᠷᠢᠵᠦ ᠦᠵᠡᠬᠦ ᠳᠠᠪᠴᠠᠩ ᠬᠠᠩᠭᠠᠪᠠ᠃
 
ᠢᠷᠡᠯᠲᠡ᠄ ᠡᠷᠢᠶᠡᠨ ᠬᠤᠲᠠ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号