ᠡᠷᠢᠶᠡᠨ ᠬᠤᠲᠠ ᠨᠢ ᠦᠪᠣᠷ ᠮᠣᠩᠭᠤᠯ ᠤᠨ ᠣᠮᠠᠷᠠᠳᠦ ᠬᠡᠰᠡᠭ ᠲᠤ ᠪᠠᠶᠢᠷᠢᠯᠡᠵᠦ᠂ ᠮᠣᠩᠭᠤᠯ | ᠣᠯᠣᠰ ᠤᠨ ᠵᠠᠮ ᠤᠨ ᠡᠬᠦᠳᠠ ᠲᠠᠢ ᠬᠢᠯᠢ ᠵᠠᠯᠭᠠᠯᠳᠣᠨ᠂ ᠬᠤᠭᠤᠷᠣᠨᠳᠦ ᠪᠠᠨ ᠨᠢ ᠵᠦᠪᠬᠡᠨ 4.5 ᠺᠢᠯᠣᠮᠧᠲᠷ | ᠵᠠᠢ ᠲᠠᠢ ᠪᠠᠶᠢᠳᠠᠭ᠃ ᠬᠢᠯᠢ ᠶᠢᠨ ᠱᠣᠭᠤᠮ ᠤᠨ ᠪᠦᠬᠦ ᠣᠷᠳᠦ 72.3 ᠺᠢᠯᠣᠮᠧᠲᠷ᠂ ᠡᠷᠢᠶᠡᠨ ᠬᠤᠳᠠ ᠶᠢᠨ | ᠬᠠᠷᠢᠶᠠᠳᠦ ᠭᠠᠵᠠᠷ ᠤᠨ ᠳᠠᠯᠠᠪᠠᠢ 4015 ᠳᠡᠭᠰᠢ ᠳᠦᠷᠪᠡᠯᠵᠢᠨ ᠺᠢᠯᠣᠮᠧᠲᠷ᠂ ᠬᠤᠳᠠ ᠶᠢᠨ ᠳᠣᠭᠤᠷᠢᠭ ᠤᠨ | ᠳᠠᠯᠠᠪᠠᠢ 27 ᠳᠡᠭᠰᠢ ᠳᠦᠷᠪᠡᠯᠵᠢᠨ ᠺᠢᠯᠣᠮᠧᠲᠷ᠂ ᠪᠦᠬᠦ ᠬᠤᠲᠠ ᠶᠢᠨ ᠨᠠᠶᠢᠳᠠ ᠬᠦᠮᠦᠨ ᠠᠮᠠ 10 ᠲᠦᠮᠡ ᠣᠷᠴᠢᠮ | ᠂ ᠡᠷᠢᠶᠠᠨ ᠬᠤᠲᠠ ᠶᠢᠨ ᠡᠷᠦᠬᠡ ᠠᠮᠠ ᠲᠠᠢ ᠬᠦᠮᠦᠨ ᠠᠮᠠ 3.4 ᠳᠦᠮᠡ ᠪᠠᠶᠢᠨ᠎ᠠ᠃ ᠡᠷᠢᠶᠡᠨ ᠬᠤᠲᠠ ᠪᠣᠯ ᠮᠠᠨ ᠤ | ᠣᠯᠣᠰ ᠠᠴᠠ ᠮᠣᠩᠭᠤᠯ ᠣᠯᠣᠰ ᠲᠤ ᠨᠡᠬᠡᠬᠡᠯᠳᠠ ᠲᠠᠢ ᠬᠠᠮᠤᠭ ᠳᠣᠮᠦ ᠪᠣᠭᠤᠮᠳᠠ᠂ ᠠᠽᠢᠶ᠎ᠠ ᠡᠸᠦ᠋ᠷᠦᠫᠡ ᠶᠢᠨ ᠡᠬᠡ | ᠬᠠᠭᠤᠷᠠᠢ ᠶᠢᠨ ᠬᠦᠬᠦᠷᠭᠡ ᠶᠢᠨ ᠴᠢᠬᠤᠯᠠ ᠵᠠᠩᠬᠢᠯᠠᠭ᠎ᠠ ᠶᠢᠨ ᠬᠤᠳᠠ ᠪᠠᠶᠢᠵᠣ᠂ ᠪᠡᠬᠡᠵᠢᠩ ᠠᠴᠠ ᠡᠷᠢᠶᠡᠨ ᠬᠤᠳᠠ ᠪᠠᠷ | ᠳᠠᠮᠵᠢᠨ ᠣᠷᠣᠰ ᠤᠨ ᠮᠣᠰᠺᠸᠠ ᠬᠦᠷᠬᠦ ᠵᠠᠮ ᠨᠢ ᠬᠠᠷᠪᠢᠨ— ᠮᠠᠨᠵᠣᠣᠷ ᠢᠶᠠᠷ ᠳᠠᠮᠵᠢᠨ ᠮᠣᠰᠺᠸᠠ ᠬᠦᠷᠬᠦ | ᠱᠣᠭᠤᠮ ᠠᠴᠠ 1140 ᠺᠢᠯᠣᠮᠧᠲᠷ ᠣᠶᠢᠷ᠎ᠠ ᠪᠠᠶᠢᠳᠠᠭ᠃ | ᠡᠷᠢᠶᠡᠨ ᠬᠤᠳᠠ ᠪᠣᠯ ᠡᠷᠳᠠᠨ ᠠᠴᠠ ᠠᠪᠣᠭᠠᠳ ︽ᠴᠠᠢ ᠶᠢᠨ ᠵᠠᠮ︾ ᠂ ︽ᠳᠠᠯ᠎ᠠ ᠨᠣᠳᠤᠭ ᠤᠨ | ᠳᠣᠷᠭᠠᠨ ᠵᠠᠮ︾ ᠤᠨ ᠴᠢᠬᠤᠯᠨ ᠵᠠᠮ ᠬᠠᠷᠢᠯᠴᠠᠭᠠᠨ ᠤ ᠵᠠᠩᠬᠢᠯᠠᠭ᠎ᠠ ᠶᠢᠨ ᠭᠠᠵᠠᠷ ᠪᠣᠯᠣᠨ᠎ᠠ᠃ ᠠᠯᠢ ᠡᠷᠳᠠ ᠶᠣᠸᠠᠨ | ᠣᠯᠣᠰ ᠤᠨ ᠦᠶ᠎ᠡ ᠳᠤ ︽ᠢᠦᠢ ᠯᠥᠩ︾ ᠦᠷᠳᠡᠭᠡ ᠶᠢ ᠪᠠᠶᠢᠭᠤᠯᠪᠠ᠃ ᠴᠢᠩ ᠣᠯᠣᠰ ᠤᠨ ᠰᠠᠶᠢᠰᠢᠶᠠᠯ | ᠢᠷᠦᠬᠡᠯᠳᠦ ᠬᠠᠭᠠᠨ ᠤ ᠦᠶ᠎ᠡ ᠳᠤ ︽ᠢ ᠯᠢᠨ ︵ᠡᠷᠢᠶᠡᠨ︶︾ ᠦᠷᠳᠡᠭᠡ ᠶᠢ ᠪᠠᠶᠢᠭᠤᠯᠪᠠ᠃ 1918 ᠣᠨ ᠳᠤ | ᠮᠣᠩᠭᠤᠯ ᠳᠤ ᠵᠣᠷᠴᠢᠬᠤ ᠬᠤᠳᠠᠯᠳᠣᠭᠠᠴᠢᠳ ᠴᠢᠭᠤᠯᠣᠯᠳᠣ ᠬᠠᠭᠠᠯᠭ᠎ᠠ ᠠᠴᠠ ᠡᠷᠢᠶᠡᠨ ᠬᠤᠳᠠ ᠪᠠᠷ ᠳᠠᠮᠵᠢᠨ | ᠬᠦᠷᠢᠶ᠎ᠡ ︵ᠣᠳᠣ ᠶᠢᠨ ᠮᠣᠩᠭᠤᠯ ᠣᠯᠣᠰ ᠤᠨ ᠣᠯᠠᠭᠠᠨᠪᠠᠭᠠᠳᠣᠷ︶ ᠬᠦᠷᠬᠦ ᠴᠢᠭᠤᠯᠣᠯᠳᠣ ᠬᠠᠭᠠᠯᠭ᠎ᠠ — ᠬᠦᠷᠢᠶ᠎ᠡ | ᠶᠡᠭᠡ ᠵᠠᠮ ᠢ ᠨᠡᠭᠡᠭᠡᠭᠰᠡᠨ ᠠᠴᠠ᠂ ᠡᠨᠡᠬᠦ ᠭᠠᠵᠠᠷ ᠨᠢ ︽ᠫᠠᠩ ᠪᠧᠢ︾ ᠦᠷᠳᠡᠭᠡ ᠬᠡᠮᠡᠭᠳᠡᠪᠡ᠃ 1956 ᠣᠨ ᠤ 1 | ᠰᠠᠷ᠎ᠠ ᠳᠤ᠂ ᠪᠡᠬᠡᠵᠢᠩ — ᠣᠯᠠᠭᠠᠨᠪᠠᠭᠠᠳᠣᠷ — ᠮᠣᠰᠺᠸᠠ ᠴᠢᠭᠯᠡᠯ ᠤᠨ ᠣᠯᠠᠨ ᠣᠯᠣᠰ ᠤᠨ ᠬᠤᠯᠪᠣᠭᠠᠯᠠᠨ | ᠳᠡᠭᠡᠭᠡᠪᠦᠷᠢᠯᠡᠬᠦ ᠭᠠᠯᠳᠣ ᠳᠡᠷᠭᠡ ᠵᠢᠩᠬᠢᠨᠢ ᠪᠠᠷ ᠨᠡᠪᠳᠡᠷᠡᠬᠦ ᠶᠢ ᠳᠠᠭᠠᠯᠳᠣᠨ᠂ ᠡᠷᠢᠶᠡᠨ ᠪᠠᠶᠢᠭᠤᠯᠣᠭᠳᠠᠵᠦ᠂ ᠠᠽᠢᠶ᠎ᠠ | ᠡᠸᠦ᠋ᠷᠦᠫᠠ ᠶᠢᠨ ᠡᠬᠡ ᠬᠠᠭᠤᠷᠠᠢ ᠶᠢᠨ ᠬᠠᠮᠤᠭ ᠴᠢᠬᠤᠯᠠ ᠵᠠᠮ ᠬᠠᠷᠢᠯᠴᠠᠭᠠᠨ ᠤ ᠠᠭᠤᠯᠵᠠᠪᠣᠷᠢ ᠪᠣᠯᠪᠠ᠃ 1966 | ᠣᠨ ᠤ 1 ᠰᠠᠷ᠎ᠠ ᠳᠤ᠂ ᠲᠦᠷᠦ ᠶᠢᠨ ᠶᠠᠪᠣᠳᠠᠯ ᠤᠨ ᠬᠤᠷᠢᠶᠠᠨ ᠤ ᠵᠦᠪᠰᠢᠶᠡᠷᠡᠯ ᠢᠶᠠᠷ ᠡᠷᠢᠶᠡᠨ ᠬᠤᠳᠠ | ᠪᠠᠶᠢᠭᠤᠯᠣᠭᠳᠠᠪᠠ᠃ 1985 ᠣᠨ ᠤ 1 ᠰᠠᠷ᠎ᠠ ᠳᠤ᠂ ᠦᠪᠡᠷᠳᠡᠬᠡᠨ ᠵᠠᠰᠠᠬᠤ ᠣᠷᠣᠨ ᠠᠴᠠ ᠡᠷᠢᠶᠡᠨ ᠢ ᠳᠡᠰ | ᠳᠡᠪᠰᠢᠭᠦᠯᠦᠨ ᠭᠠᠵᠠᠷ ᠤᠨ ᠳᠡᠰ ᠤᠨ ᠬᠤᠳᠠ ᠪᠣᠯᠭᠠᠪᠠ᠃ 1985 ᠣᠨ ᠤ 6 ᠰᠠᠷ᠎ᠠ ᠳᠤ᠂ ᠲᠦᠷᠦ ᠶᠢᠨ ᠶᠠᠪᠣᠳᠠᠯ | ᠤᠨ ᠬᠤᠷᠢᠶᠠᠨ ᠤ ᠵᠦᠪᠰᠢᠶᠡᠷᠡᠯ ᠢᠶᠠᠷ ᠡᠷᠢᠶᠡᠨ ᠬᠤᠳᠠ ᠶᠢ ᠬᠦᠭᠡ ᠲᠦᠷᠦᠯ ᠤᠨ ᠨᠡᠭᠡᠭᠡᠯᠳᠡᠳᠦ ᠬᠤᠳᠠ ᠪᠣᠯᠭᠠᠪᠠ᠃ | 1986 ᠣᠨ ᠤ 3 ᠰᠠᠷ᠎ᠠ ᠳᠤ᠂ ᠦᠪᠡᠷᠳᠡᠬᠡᠨ ᠵᠠᠰᠠᠬᠤ ᠣᠷᠣᠨ ᠤ ᠵᠦᠪᠰᠢᠶᠡᠷᠡᠯ ᠢᠶᠠᠷ ᠡᠷᠢᠶᠡᠨ ᠬᠤᠳᠠ ᠶᠢ | ᠳᠣᠰᠠᠭᠠᠷ ᠳᠦᠯᠦᠪᠯᠡᠬᠡᠳᠦ ᠬᠤᠳᠠ ᠪᠣᠯᠭᠠᠪᠠ᠃ 1992 ᠣᠨ ᠤ 7 ᠰᠠᠷ᠎ᠠ ᠳᠤ᠂ ᠲᠦᠷᠦ ᠶᠢᠨ ᠶᠠᠪᠣᠳᠠᠯ ᠤᠨ | ᠬᠤᠷᠢᠶᠠᠨ ᠤ ᠵᠦᠪᠰᠢᠶᠡᠷᠡᠯ ᠢᠶᠠᠷ ᠡᠷᠢᠶᠡᠨ ᠬᠤᠳᠠ ᠶᠢ ᠪᠦᠬᠦ ᠣᠯᠣᠰ ᠤᠨ 13 ᠬᠢᠯᠢ ᠣᠷᠴᠢᠮ ᠤᠨ ᠨᠡᠬᠡᠬᠡᠯᠳᠡᠳᠦ | ᠬᠤᠳᠠ ᠶᠢᠨ ᠨᠢᠭᠡ ᠪᠣᠯᠭᠠᠪᠠ᠃ 2014 ᠣᠨ ᠤ 6 ᠰᠠᠷ᠎ᠠ ᠳᠤ᠂ ᠲᠦᠷᠦ ᠶᠢᠨ ᠶᠠᠪᠣᠳᠠᠯ ᠤᠨ ᠬᠤᠷᠢᠶᠠᠨ ᠤ | ᠵᠦᠪᠰᠢᠶᠡᠷᠡᠯ ᠢᠶᠠᠷ ᠡᠷᠢᠶᠡᠨ ᠬᠤᠳᠠ ᠶᠢᠨ ᠣᠯᠣᠰ ᠤᠨ ᠭᠤᠣᠯᠳᠠᠯᠭ᠎ᠠ ᠲᠠᠢ ᠬᠦᠭᠵᠢᠬᠦᠯᠦᠯᠳᠠ ᠨᠡᠭᠡᠭᠡᠯᠳᠠ ᠶᠢᠨ | ᠳᠣᠷᠰᠢᠯᠳᠠ ᠶᠢᠨ ᠳᠣᠭᠤᠷᠢᠭ ᠢ ᠪᠠᠶᠢᠭᠤᠯᠪᠠ᠃ 2014 ᠣᠨ ᠤ 8 ᠰᠠᠷ᠎ᠠ ᠳᠤ᠂ ᠰᠢ ᠶᠢᠨ ᠫᠢᠩ ᠶᠡᠷᠦᠩᠬᠡᠢ | ᠱᠦᠵᠢ ᠠᠴᠠ ᠮᠣᠩᠭᠤᠯ ᠣᠯᠣᠰ ᠢᠶᠠᠷ ᠠᠶᠢᠯᠴᠢᠯᠠᠬᠤ ᠳᠤ ᠪᠠᠨ ᠮᠣᠩᠭᠤᠯ ᠣᠯᠣᠰ ᠤᠨ ᠣᠯᠣᠰ ᠤᠨ ᠶᠡᠭᠡ ᠬᠤᠷᠠᠯ | ᠳᠡᠭᠡᠷ᠎ᠡ ᠳᠠᠯᠪᠢᠭᠰᠠᠨ ᠢᠯᠡᠳᠬᠡᠯ ᠳᠤ ᠪᠠᠨ ︽ᠳᠣᠮᠳᠠᠳᠦ ᠣᠯᠣᠰ ᠤᠨ ᠡᠷᠢᠶᠡᠨ ᠬᠤᠳᠠ — ᠮᠣᠩᠭᠤᠯ ᠣᠯᠣᠰ ᠤᠨ | ᠵᠠᠮ ᠤᠨ ᠡᠬᠦᠳᠠ ᠵᠡᠷᠭᠡ ᠭᠠᠵᠠᠷ ᠬᠢᠯᠢ ᠠᠯᠣᠰᠯᠠᠭᠰᠠᠨ ᠠᠵᠦ ᠠᠬᠤᠢ ᠶᠢᠨ ᠬᠠᠮᠳᠣᠷᠠᠯᠴᠠᠭᠠᠨ ᠤ ᠳᠣᠭᠤᠷᠢᠭ ᠢ | ᠪᠦᠳᠦᠬᠡᠨ ᠪᠠᠶᠢᠭᠤᠯᠬᠤ ᠳᠣᠬᠠᠢ ᠰᠣᠳᠣᠯᠬᠤ ᠶᠢ ᠬᠤᠶᠠᠷ ᠳᠠᠯ᠎ᠠ ᠪᠠᠷ ᠢᠶᠠᠨ ᠰᠠᠨᠠᠯ ᠨᠢᠭᠡᠳᠡᠢ ᠵᠦᠪᠰᠢᠶᠡᠷᠡᠪᠡ︾ ᠭᠡᠵᠣ | ᠳᠣᠷᠠᠳᠣᠭᠰᠠᠨ ᠠᠴᠠ᠂ ᠡᠷᠢᠶᠡᠨ ᠬᠤᠳᠠ ᠡᠯ᠎ᠡ ᠲᠦᠷᠦᠯ ᠤᠨ ᠡᠬᠢᠨ ᠤ ᠬᠤᠭᠤᠴᠠᠭᠠᠨ ᠤ ᠠᠵᠢᠯ ᠢ ᠡᠬᠢᠯᠡᠭᠦᠯᠪᠡ᠃ | ᠡᠨᠡ ᠵᠢᠯ ᠤᠨ 6 ᠰᠠᠷ᠎ᠠ ᠶᠢᠨ 4 ᠤ ᠡᠳᠦᠷ᠂ ᠬᠤᠳᠠᠯᠳᠣᠭᠠᠨ ᠤ ᠶᠠᠪᠣᠳᠠᠯ ᠤᠨ ᠶᠠᠮᠣᠨ ᠤ ᠳᠠᠷᠤᠭ᠎ᠠ ᠵᠦᠩ ᠱᠠᠨ | ᠪᠣᠯᠣᠨ ᠮᠣᠩᠭᠤᠯ ᠣᠯᠣᠰ ᠤᠨ ᠬᠦᠨᠡᠰᠦ ᠬᠦᠳᠡᠭᠡ ᠠᠵᠦ ᠠᠬᠤᠢ ᠪᠠ ᠬᠦᠩᠬᠡᠨ ᠦᠢᠯᠡᠳᠪᠣᠷᠢ ᠶᠢᠨ ᠶᠠᠮᠣᠨ ᠤ | ᠳᠠᠷᠤᠭ᠎ᠠ ᠣᠯᠠᠭᠠᠨ ᠲᠠᠢ ︽ᠳᠣᠮᠳᠠᠳᠦ ᠮᠣᠩᠭᠤᠯ ᠤᠨ ᠡᠷᠢᠶᠡᠨ ᠬᠤᠳᠠ — ᠵᠠᠮ ᠤᠨ ᠡᠬᠦᠳᠠ ᠶᠢᠨ ᠠᠵᠦ ᠠᠬᠤᠢ | ᠶᠢᠨ ᠬᠠᠮᠳᠣᠷᠠᠯᠴᠠᠭᠠᠨ ᠤ ᠳᠣᠭᠤᠷᠢᠭ ᠢ ᠪᠦᠳᠦᠬᠡᠨ ᠪᠠᠶᠢᠭᠤᠯᠬᠤ ᠳᠣᠬᠠᠢ ᠬᠡᠯᠡᠯᠴᠡᠬᠡᠷ︾ ᠲᠤ ᠭᠠᠷ ᠤᠨ ᠦᠰᠦᠭ | ᠵᠢᠷᠣᠭᠰᠠᠨ ᠨᠢ ᠳᠣᠮᠳᠠᠳᠦ ᠮᠣᠩᠭᠤᠯ ᠤᠨ ᠠᠵᠦ ᠠᠬᠤᠢ ᠶᠢᠨ ᠬᠠᠮᠳᠣᠷᠠᠯᠴᠠᠭᠠᠨ ᠤ ᠳᠣᠭᠤᠷᠢᠭ ᠤᠨ ᠪᠦᠳᠦᠬᠡᠨ | ᠪᠠᠶᠢᠭᠤᠯᠣᠯᠳᠠ ᠵᠢᠩᠬᠢᠨᠢ ᠪᠠᠷ ᠡᠬᠢᠯᠡᠭᠰᠡᠨ ᠢ ᠪᠡᠯᠬᠡᠳᠡᠵᠦ᠂ ᠪᠣᠭᠤᠮᠳᠠ ᠶᠢᠨ ᠬᠦᠭᠵᠢᠯᠳᠠ ᠨᠡᠭᠡᠭᠡᠯᠳᠠ ᠳᠤ ᠬᠦᠴᠦᠷᠬᠡᠭ | ᠶᠡᠭᠡ ᠬᠦᠳᠡᠯᠬᠡᠬᠦ ᠬᠦᠴᠦ ᠬᠠᠩᠭᠠᠪᠠ᠃ | ᠦᠨᠦ ᠵᠢᠯ ᠠᠴᠠ ᠨᠠᠭᠠᠰᠢ᠂ ᠡᠷᠢᠶᠡᠨ ᠬᠤᠳᠠ ᠨᠢ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ | ᠳᠣᠮᠳᠠᠳᠦ ᠣᠯᠣᠰ ᠤᠨ ᠣᠨᠴᠠᠯᠢᠭ ᠲᠠᠢ ᠨᠠᠶᠢᠬᠡᠮ ᠵᠢᠷᠣᠮ ᠤᠨ ᠦᠵᠡᠯ ᠰᠠᠨᠠᠭ᠎ᠠ ᠪᠠᠷ ᠵᠢᠯᠣᠭᠤᠳᠣᠯᠭ᠎ᠠ ᠪᠣᠯᠭᠠᠵᠦ᠂ | ᠨᠠᠮ ᠤᠨ ᠠᠷᠪᠠ ᠶᠢᠰᠦᠳᠦᠬᠡᠷ ᠶᠡᠭᠡ ᠬᠤᠷᠠᠯ ᠤᠨ ᠵᠣᠷᠢᠭ ᠰᠠᠨᠠᠭ᠎ᠠ ᠪᠣᠯᠣᠨ ᠰᠢ ᠶᠢᠨ ᠫᠢᠩ ᠶᠡᠷᠦᠩᠬᠡᠢ ᠱᠦᠵᠢ ᠶᠢᠨ | ᠦᠪᠣᠷ ᠮᠣᠩᠭᠤᠯ ᠳᠤ ᠴᠢᠭᠯᠡᠭᠦᠯᠦᠭᠰᠡᠨ ᠴᠢᠬᠤᠯᠠ ᠶᠠᠷᠢᠶ᠎ᠠ᠂ ᠴᠢᠬᠤᠯᠠ ᠴᠣᠬᠤᠯᠠᠪᠣᠷᠢ᠂ ᠴᠢᠬᠤᠯᠠ ᠵᠢᠭᠠᠪᠣᠷᠢ ᠶᠢᠨ | ᠵᠣᠷᠢᠭ ᠰᠠᠨᠠᠭ᠎ᠠ ᠶᠢ ᠬᠦᠨᠵᠡᠬᠡᠢ ᠳᠣᠣᠱᠯᠠᠭᠤᠯᠵᠦ᠂ ᠦᠪᠡᠷᠳᠡᠬᠡᠨ ᠵᠠᠰᠠᠬᠤ ᠣᠷᠣᠨ ᠤ ᠨᠠᠮ ᠤᠨ ᠬᠤᠷᠢᠶ᠎ᠠ᠂ ᠵᠠᠰᠠᠭ | ᠤᠨ ᠣᠷᠳᠣᠨ ᠪᠠ ᠠᠶᠢᠮᠠᠭ ᠤᠨ ᠨᠠᠮ ᠤᠨ ᠬᠤᠷᠢᠶ᠎ᠠ᠂ ᠵᠠᠬᠢᠷᠭ᠎ᠠ ᠶᠢᠨ ᠡᠯ᠎ᠡ ᠳᠦᠷᠦᠯ ᠤᠨ ᠰᠢᠢᠳᠪᠣᠷᠢ | ᠪᠠᠶᠢᠷᠢᠯᠠᠭᠤᠯᠣᠯᠳᠠ ᠶᠣᠰᠣᠭᠠᠷ᠂ ᠠᠮᠢ ᠠᠬᠤᠢ ᠶᠢ ᠳᠡᠷᠢᠬᠦᠨ ᠪᠠᠶᠢᠷᠢᠨ ᠳᠤ ᠳᠠᠯᠪᠢᠵᠦ᠂ ᠪᠣᠬᠢᠷᠳᠣᠯ ᠦᠬᠡᠢ | ᠬᠦᠭᠵᠢᠯᠳᠠ ᠶᠢ ᠪᠠᠷᠢᠮᠳᠠᠯᠠᠵᠦ᠂ ᠳᠡᠬᠡᠳᠦ ᠴᠢᠨᠠᠷᠵᠢᠯᠳᠦ ᠬᠦᠭᠵᠢᠯᠳᠠ ᠶᠢᠨ ᠰᠢᠨ᠎ᠡ ᠵᠠᠮ ᠢ ᠢᠳᠡᠪᠬᠢᠳᠠᠢ ᠪᠠᠷ ᠬᠠᠶᠢᠨ | ᠰᠦᠪᠡᠭᠴᠢᠯᠡᠵᠦ᠂ ᠣᠷᠳᠦ ᠬᠤᠭᠤᠴᠠᠭᠠᠨ ᠤ ᠳᠣᠷᠰᠢ ᠠᠵᠦ ᠠᠬᠤᠢ ᠨᠠᠶᠢᠬᠡᠮ ᠤᠨ ᠳᠡᠬᠡᠳᠦ ᠴᠢᠨᠠᠷᠵᠢᠯᠳᠦ | ᠬᠦᠭᠵᠢᠯᠳᠠ ᠶᠢ ᠬᠠᠷᠰᠢᠯᠠᠵᠦ ᠪᠠᠶᠢᠭ᠎ᠠ ᠠᠰᠠᠭᠤᠳᠠᠯ ᠢ ᠨᠠᠷᠢᠨ ᠰᠣᠳᠣᠯᠵᠦ᠂ ᠦᠩᠬᠡᠷᠡᠭᠰᠡᠨ ᠤ ᠬᠦᠭᠵᠢᠯᠳᠠ ᠶᠢᠨ | ᠳᠣᠷᠰᠢᠯᠭ᠎ᠠ ᠶᠢ ᠳ᠋ᠦᠩᠨᠡᠭᠰᠡᠨ ᠰᠠᠭᠤᠷᠢᠨ ᠳᠡᠭᠡᠷ᠎ᠡ᠂ ᠰᠢᠨ᠎ᠡ ᠪᠠᠶᠢᠳᠠᠯ ᠰᠢᠨ᠎ᠡ ᠡᠬᠦᠷᠭᠡ ᠲᠠᠢ ᠣᠶᠠᠯᠳᠣᠭᠤᠯᠣᠨ᠂ ︽ | ᠬᠦᠮᠦᠨ ᠠᠮᠠ ᠶᠢ ᠲᠦᠪᠯᠡᠷᠡᠭᠦᠯᠦᠨ᠂ ᠪᠠᠷᠠᠭᠠᠨ ᠤ ᠬᠦᠢᠯᠭᠡᠭᠡ ᠶᠢ ᠰᠢᠭᠤᠷᠬᠠᠢ ᠨᠡᠪᠳᠡᠷᠡᠭᠦᠯᠬᠦ︾ ᠶᠢᠨ ᠳᠣᠭᠤᠷᠢᠨ ᠳᠤ᠂ | ︽ᠬᠦᠮᠦᠨ︾ ᠪᠠ ︽ᠪᠠᠷᠠᠭ᠎ᠠ︾ ᠬᠡᠬᠦ ᠬᠤᠶᠠᠷ ᠰᠡᠳᠦᠪ ᠢ ᠰᠠᠶᠢᠳᠣᠷ ᠬᠢᠵᠣ᠂ ᠭᠤᠷᠪᠠᠨ ᠵᠢᠯ ᠭᠠᠷᠣᠢ ᠬᠤᠭᠤᠴᠠᠭ᠎ᠠ | ᠶᠢ ᠵᠠᠷᠣᠴᠠᠭᠤᠯᠵᠦ ᠪᠠᠶᠢᠭᠠᠳ᠂ ᠪᠠᠶᠢᠩᠭᠤ ᠰᠠᠭᠤᠷᠢᠰᠢᠬᠤ ᠬᠦᠮᠦᠨ ᠠᠮᠠ ᠶᠢᠨ ᠳᠤᠭ᠎ᠠ ᠶᠢ ᠳᠡᠦᠬᠡᠨ ᠬᠠᠮᠤᠭ ᠦᠨᠳᠣᠷ | ᠬᠡᠮᠵᠢᠶᠡᠨ ᠳᠤ ᠬᠦᠷᠬᠡᠵᠦ᠂ ᠪᠠᠷᠠᠭ᠎ᠠ ᠨᠡᠪᠳᠡᠷᠡᠭᠦᠯᠬᠦ ᠬᠡᠮᠵᠢᠶ᠎ᠡ ᠶᠢ ᠳᠠᠬᠢᠨ ᠢᠶᠠᠷ ᠨᠡᠮᠡᠭᠳᠡᠬᠦᠯᠬᠦ ᠪᠠᠷ ᠴᠢᠷᠮᠠᠶᠢᠵᠦ᠂ | ᠪᠣᠭᠤᠮᠳᠠ ᠶᠢᠨ ᠠᠵᠦ ᠠᠬᠤᠢ ᠶᠢᠨ ᠬᠡᠮᠵᠢᠶ᠎ᠡ ᠶᠢ ᠶᠡᠬᠡᠰᠬᠡᠨ᠂ ᠴᠢᠨᠡᠷ ᠢ ᠰᠢᠯᠢᠳᠡᠭᠵᠢᠭᠦᠯᠵᠣ᠂ ᠡᠷᠢᠶᠡᠨ ᠣᠯᠠᠨ ᠣᠯᠣᠰ | ᠤᠨ ᠪᠣᠭᠤᠮᠳᠠ ᠶᠢᠨ ᠪᠠᠶᠢᠷᠢ ᠰᠠᠭᠤᠷᠢ ᠶᠢ ᠪᠠᠳᠣᠳᠬᠠᠵᠦ᠂ ᠳᠣᠮᠳᠠᠳᠦ ᠣᠯᠣᠰ ᠤᠨ ᠣᠮᠠᠷᠠᠳᠦ ᠣᠷᠣᠨ ᠤ ᠳᠡᠷᠢᠭᠦᠨ | ᠵᠡᠷᠬᠡᠯᠡᠯ ᠤᠨ ᠪᠣᠭᠤᠮᠳᠠ ᠬᠤᠳᠠ ᠶᠢ ᠲᠦᠷᠭᠡᠳᠭᠡᠨ ᠪᠠᠶᠢᠭᠤᠯᠬᠤ ᠬᠠᠷᠠᠯᠳᠠ ᠪᠠᠨ ᠪᠡᠶᠡᠯᠡᠬᠦᠯᠬᠦ ᠪᠠᠷ ᠴᠢᠷᠮᠠᠶᠢᠨ᠎ᠠ᠃ | | | |