ᠠᠯᠳᠠᠷᠳᠦ ᠰᠡᠳᠬᠢᠴᠡ ᠶᠢᠨ ᠣᠬᠠᠭᠠᠨᠳᠠᠨ ᠭᠧᠷᠳᠢ᠄ ︽ ᠠᠪᠤ ᠬᠦᠮᠦᠨ ᠪᠣᠯ ᠨᠢᠭᠡᠨ ᠣᠨᠴᠠᠭᠠᠢ | ᠣᠷᠣᠰᠢᠬᠤᠢ᠂ ᠬᠡᠣᠬᠡᠳ ᠬᠦᠮᠦᠵᠢᠬᠦᠯᠬᠦ ᠳᠤ ᠣᠨᠴᠠᠭᠠᠢ ᠨᠢᠭᠡ ᠵᠦᠢᠯ ᠤᠨ ᠬᠦᠴᠦᠨ ᠲᠠᠢ ᠶᠤᠮ︾ ᠬᠡᠵᠦ ᠬᠡᠯᠡᠵᠦ | ᠦᠩᠬᠡᠷᠡᠭᠰᠡᠨ ᠪᠢᠯᠡ᠃ ᠠᠪᠤ ᠰᠠᠭᠤᠭᠰᠠᠨ ᠲᠡᠷᠡ ᠡᠳᠦᠷ ᠠᠴᠠ ᠡᠬᠢᠯᠡᠨ ᠲᠠ ᠨᠢᠭᠡᠨ ︽ᠠᠪᠤ︾ ᠬᠡᠬᠦ ᠨᠠᠰᠣᠨ | ᠳᠣᠷᠰᠢᠳᠠ ᠶᠢᠨ ᠠᠵᠢᠯ ᠲᠠᠢ ᠪᠣᠯᠬᠤ ᠪᠣᠯᠣᠯ᠎ᠠ ᠬᠡᠰᠡᠨ ᠦᠭᠡ᠃ ᠨᠢᠭᠡᠨ ᠰᠠᠶᠢᠨ ᠠᠪᠤ ᠪᠣᠯᠬᠤ ᠶᠢᠨ ᠬᠤᠪᠢ ᠳᠤ | ᠬᠡᠣᠬᠡᠳ ᠢᠶᠠᠨ ᠶᠠᠭᠠᠬᠢᠵᠦ ᠰᠣᠷᠭᠠᠬᠤ ᠶᠢ ᠰᠣᠷᠣᠭᠰᠠᠨ ᠪᠠᠶᠢᠬᠤ ᠶᠣᠰᠣᠳᠠᠢ᠂ ᠶᠠᠭᠠᠬᠢᠵᠦ ᠬᠡᠣᠬᠡᠳ ᠢᠶᠠᠨ | ᠬᠠᠶᠢᠷᠠᠯᠠᠬᠤ ᠶᠢ ᠰᠣᠷᠣᠭᠰᠠᠨ ᠪᠠᠶᠢᠬᠤ ᠶᠣᠰᠣᠳᠠᠢ ᠂ ᠠᠪᠤ ᠬᠦᠮᠦᠨ ᠤ ᠬᠦᠨ ᠵᠣᠵᠠᠭᠠᠨ ᠬᠠᠶᠢᠷ᠎ᠠ ᠪᠠᠷ ᠬᠡᠣᠬᠡᠳ | ᠲᠡᠭᠡᠨ ᠦᠮᠦᠭ ᠳᠦᠰᠢᠭ ᠪᠣᠯᠵᠦ᠂ ᠬᠡᠣᠬᠡᠳ ᠤᠨ ᠢᠶᠠᠨ ᠰᠠᠶᠢᠨ ᠰᠠᠶᠢᠬᠠᠨ ᠠᠮᠢᠳᠣᠷᠠᠬᠤ ᠶᠢᠨ ᠬᠢᠨᠢ ᠰᠠᠭᠤᠷᠢ ᠱᠠᠳᠦ | ᠨᠢ ᠪᠣᠯᠬᠤ ᠶᠣᠰᠣᠳᠠᠢ᠃ | ᠠᠪᠤ ᠪᠣᠯᠣᠭᠰᠠᠨ ᠤ ᠬᠤᠪᠢ ᠳᠤ ᠬᠡᠣᠬᠡᠳ ᠤᠨ ᠢᠶᠠᠨ ᠠᠩᠬᠠᠨ ᠤ ᠣᠬᠢᠯᠠᠬᠤ ᠳᠠᠭᠤ ᠶᠢ ᠣᠯᠵᠦ ᠰᠣᠨᠣᠰᠪᠠ | ᠦᠦ︖ ᠠᠩᠬᠠᠨ ᠤ ᠢᠨᠢᠶᠡᠳᠦ ᠶᠢ ᠨᠢ ᠣᠯᠵᠦ ᠬᠠᠷᠠᠪᠠ ᠦᠦ︖ ᠠᠩᠬ᠎ᠠ ᠡᠬᠢᠯᠡᠵᠦ ᠠᠯᠬᠤᠬᠤ ᠦᠶ᠎ᠡ ᠳᠤ | ᠬᠠᠵᠠᠭᠤ ᠳᠤ ᠨᠢ ᠪᠠᠶᠢᠪᠠ ᠦᠦ︖ ︽ ᠶᠠᠭᠠᠬᠢᠭᠠᠳ ᠶᠠᠭᠠᠬᠢᠭᠠᠳ ︖︾ ᠬᠡᠵᠦ ᠬᠡᠣᠬᠡᠳ ᠴᠢᠨᠢ ᠡᠬᠢ ᠠᠳᠠᠭ | ᠦᠭᠡᠢ ᠣᠯᠠᠨ ᠠᠰᠠᠭᠤᠯᠳᠠ ᠠᠰᠠᠭᠤᠬᠤ ᠪᠠᠷ ᠨᠢ ᠲᠠ ᠳᠡᠰᠪᠣᠷᠢᠳᠠᠢ ᠪᠠᠷ ᠬᠡᠣᠬᠡᠳ ᠲᠡᠭᠡᠨ ᠬᠠᠨᠳᠣᠵᠦ ᠳᠠᠶᠢᠯᠪᠣᠷᠢ | ᠬᠢᠵᠦ ᠦᠭᠴᠦ ᠪᠠᠶᠢᠪᠠ ᠦᠦ︖ ᠬᠡᠣᠬᠡᠳ ᠲᠠᠨ ᠢ ᠰᠠᠨᠠᠨ ᠮᠦᠷᠦᠬᠡᠳᠴᠦ ᠪᠠᠶᠢᠬᠤ ᠦᠶ᠎ᠡ ᠳᠤ ᠲᠠ ᠦᠬᠦᠬᠡᠷᠳᠡᠨ | ᠳᠡᠪᠡᠷᠢᠵᠦ ᠦᠨᠦᠰᠦᠨ ᠬᠠᠶᠢᠷᠠᠯᠠᠵᠦ ᠪᠠᠶᠢᠪᠠ ᠦᠦ︖ | ᠠᠪᠤ ᠬᠦᠮᠦᠨ ᠬᠡᠣᠬᠡᠳ ᠢ ᠨᠦᠯᠦᠬᠡᠯᠡᠬᠦ ᠵᠢᠷᠭᠤᠭᠠᠨ ᠳᠠᠯ᠎ᠠ᠄ | 1. ᠬᠡᠣᠬᠡᠳ ᠤᠨ ᠣᠶᠣᠨ ᠤ ᠪᠣᠶᠢᠵᠢᠯᠳᠠ ᠶᠢ ᠠᠬᠢᠭᠤᠯᠣᠨ᠎ᠠ᠃ | 2. ᠬᠡᠣᠬᠡᠳ ᠤᠨ ᠪᠡᠶ᠎ᠡ ᠰᠡᠳᠬᠢᠴᠡ ᠳᠤ ᠨᠦᠯᠦᠭᠡ ᠦᠵᠡᠬᠦᠯᠦᠨ᠎ᠡ᠃ | 3. ᠬᠡᠣᠬᠡᠳ ᠤᠨ ᠬᠠᠮᠳᠦ ᠳᠣᠭᠯᠠᠬᠤ ᠰᠠᠶᠢᠨ ᠨᠠᠶᠢᠵᠠ᠃ | 4. ᠬᠡᠣᠬᠡᠳ ᠲᠤ ᠠᠮᠵᠢᠯᠳᠠ ᠶᠢ ᠮᠡᠳᠡᠷᠡᠬᠦᠯᠳᠡᠭ ᠃ | 5. ᠬᠦᠦ ᠬᠦᠮᠦᠨ ᠠᠪᠤ ᠪᠠᠷ ᠢᠶᠠᠨ ᠳᠠᠭᠤᠷᠢᠶᠠᠯ ᠪᠣᠯᠭᠠᠳᠠᠭ᠃ | 6. ᠠᠪᠤ ᠬᠦᠮᠦᠨ ᠪᠣᠯ ᠦᠬᠢᠨ ᠤ ᠪᠠᠨ ᠳᠦᠰᠢᠭ ᠨᠦᠮᠦᠷᠢ᠃ | |