ᠢᠪᠷᠠᠢ ᠬᠡᠯᠡ ᠶᠢ ᠰᠡᠷᠬᠦᠭᠡᠭᠰᠡᠨ ᠦᠯᠢᠬᠡᠷ ᠠᠴᠠ ᠪᠢᠳᠠ ᠶᠠᠭᠤ ᠰᠣᠷᠬᠤ ᠶᠣᠰᠣᠳᠠᠢ ᠪᠣᠢ
ᠨᠡᠶᠢᠲᠡᠯᠡᠭᠰᠡᠨ ᠴᠠᠭ᠄
2019/7/29
﹇ ᠮᠣᠩᠭᠤᠯ﹈  ᠮᠢᠭᠮᠠᠷ ᠤᠨ ᠰᠠᠷᠠᠭᠤᠯᠠᠷᠳᠠᠨᠢ             ᠮᠣᠩᠭᠤᠯ ᠪᠢᠴᠢᠭ ᠢ ᠲᠦᠷᠦ ᠶᠢᠨ ᠪᠢᠴᠢᠭ ᠪᠣᠯᠭᠠᠬᠤ᠂ ᠰᠡᠷᠬᠦᠭᠡᠨ ᠬᠡᠷᠡᠭᠯᠡᠬᠦ᠂ ᠪᠦᠬᠦ ᠨᠠᠶᠢᠳᠠ ᠪᠠᠷ ᠡᠵᠡᠮᠰᠢᠬᠦ ᠳᠣᠬᠠᠢ ᠪᠦᠬᠦᠢ ᠯᠡ ᠱᠠᠳᠣᠨ ᠳᠤ ᠶᠠᠷᠢᠵᠦ᠂ ᠬᠡᠯᠡᠯᠴᠡᠭᠰᠡᠭᠡᠷ ᠪᠠᠶᠢᠭ᠎ᠠ ᠪᠣᠯᠪᠠᠴᠦ ᠦᠷ᠎ᠡ ᠳ᠋ᠦᠩ ᠬᠠᠩᠭᠠᠯᠳᠠᠳᠠᠢ ᠪᠣᠰᠦ ᠪᠠᠶᠢᠨ᠎ᠠ᠃ ᠳᠡᠷᠳᠡᠭᠡ 1989 ᠣᠨ ᠳᠤ  ︽ ᠵᠠᠯᠠᠭᠤ ᠣᠷᠠᠨ ᠪᠦᠳᠦᠬᠡᠯᠴᠢᠳ ᠤᠨ ᠬᠤᠶᠠᠳᠣᠭᠠᠷ ᠴᠢᠭᠤᠯᠭᠠᠨ︾  ᠳᠡᠭᠡᠷ᠎ᠡ  ︽ ᠰᠢᠨ᠎ᠡ ᠮᠢᠩᠭᠠᠨ ᠳᠤ ᠬᠦᠳᠦᠯᠦᠭᠡ ᠮᠣᠷᠢ ᠲᠠᠢ ᠣᠷᠣᠶ᠎ᠠ︾  ᠬᠡᠵᠦ᠂ ᠦᠬᠡᠷ᠎ᠡ ᠪᠠᠷ ᠬᠡᠯᠡᠪᠡᠯ 2000 ᠣᠨ ᠬᠡᠬᠦ ᠳᠤ ᠲᠧᠯ ᠪᠢᠴᠢᠭᠳᠡᠨ ᠪᠣᠯᠴᠢᠬᠠᠭᠰᠠᠨ ᠪᠠᠶᠢᠶ᠎ᠠ ᠬᠡᠰᠡᠨ ᠰᠠᠨᠠᠯ ᠳᠣᠶᠢᠯ ᠤᠨ ᠦᠬᠡᠳᠡᠷᠡᠭ᠂ ᠣᠷᠢᠶᠠᠯᠠᠨ  ᠳᠠᠭᠤᠳᠠᠭᠰᠠᠨ ᠰᠢᠨᠵᠢᠳᠠᠢ᠂ ᠪᠡᠶᠡᠯᠡᠬᠦ ᠪᠣᠯᠣᠯᠴᠠᠭᠠᠳᠦ ᠬᠤᠯᠠ   ᠶᠢᠨ ᠢᠷᠡᠬᠡᠳᠦᠢ ᠮᠡᠳᠦ ᠰᠣᠨᠣᠰᠳᠠᠵᠦ ᠪᠠᠶᠢᠭᠰᠠᠨ ᠪᠣᠯ ᠡᠳᠦᠬᠡ ᠳᠡᠷᠡᠬᠦ ᠰᠢᠨ᠎ᠡ ᠮᠢᠩᠭᠠᠨ ᠦᠩᠬᠡᠷᠡᠭᠡᠳ ᠪᠦᠳᠦᠨ ᠠᠷᠪᠠᠨ ᠵᠢᠯ ᠦᠩᠬᠡᠷᠡᠴᠢᠬᠡᠬᠡᠳ ᠪᠠᠶᠢᠬᠤ ᠳᠤ ᠨᠠᠶᠢᠳᠠ ᠠᠷᠠᠳ ᠳᠦᠮᠡᠨ ᠤ ᠮᠣᠩᠭᠤᠯ ᠪᠢᠴᠢᠭ ᠤᠨ ᠬᠡᠷᠡᠭᠯᠡᠭᠡ ᠮᠢᠩᠭ᠎ᠠ ᠶᠢᠰᠣᠨ ᠵᠠᠭᠤᠨ ᠶᠡᠷᠡᠭᠡᠳ ᠣᠨ ᠤ ᠪᠠᠨ ᠪᠠᠶᠢᠷᠢᠨ ᠳᠤ ᠵᠣᠭᠰᠣᠭᠰᠠᠭᠠᠷ ᠪᠠᠶᠢᠨ᠎ᠠ ᠬᠡᠬᠦ ᠳᠤ ᠬᠢᠯᠢᠰᠳᠡᠬᠦ ᠦᠭᠡᠢ᠃ ᠡᠨᠡ ᠨᠢ ᠮᠣᠩᠭᠤᠯ ᠪᠢᠴᠢᠭ ᠤᠨ ᠰᠠᠶᠢᠨ ᠮᠠᠭᠤ ᠳᠤ ᠪᠠᠶᠢᠭ᠎ᠠ ᠪᠢᠰᠢ᠂ ᠦᠨᠳᠣᠰᠣᠳᠡᠨ ᠤ ᠰᠡᠳᠬᠢᠯᠭᠡ᠂ ᠢᠳᠡᠪᠬᠢ ᠴᠢᠨᠠᠷ᠂ ᠡᠬᠡ ᠣᠷᠣᠨᠴᠢ ᠦᠵᠡᠯ᠂ ᠦᠪᠡᠷ ᠢ ᠪᠠᠨ ᠬᠠᠮᠠᠭᠠᠯᠠᠬᠤ ᠵᠦᠩ ᠵᠡᠷᠭᠡ ᠵᠦᠢᠯ ᠠᠴᠠ ᠬᠠᠮᠢᠶᠠᠷᠣᠯᠳᠠᠢ ᠶᠤᠮ᠃ ᠵᠦᠪᠬᠡᠨ ᠪᠢᠴᠢᠭ ᠳᠡᠳᠦᠢ ᠦᠭᠡᠢ ᠪᠦᠬᠦᠯᠢ ᠪᠦᠳᠦᠨ ᠬᠡᠯᠡ ᠪᠠᠨ ᠰᠡᠷᠬᠦᠬᠡᠨ ᠬᠡᠷᠡᠭᠯᠡᠭᠰᠡᠨ ᠢᠪᠷᠠᠢ ᠬᠡᠯᠡᠨ ᠤ ᠵᠢᠱᠢᠶ᠎ᠡ ᠶᠢ ᠳᠣᠷᠠᠳᠪᠠᠯ ᠡᠷᠬᠢᠮ ᠮᠣᠩᠭᠤᠯ ᠵᠠᠯᠠᠭᠤᠰ ᠤᠨ ᠣᠷᠮ᠎ᠠ ᠵᠣᠷᠢᠭ ᠲᠤ ᠨᠦᠯᠦᠬᠡᠯᠡᠬᠦ ᠪᠣᠯᠪᠠ ᠦᠦ ᠬᠡᠮᠡᠨ ᠡᠬᠦᠨ ᠢ ᠳᠡᠷᠯᠡᠪᠡ ᠢᠪᠷᠠᠢ  ᠬᠡᠯᠡ           ᠰᠧᠮᠢᠲ ᠢᠵᠠᠭᠤᠷ ᠤᠨ ᠬᠡᠯᠡ᠃ ᠢᠰᠷᠧᠯ ᠣᠯᠣᠰ ᠤᠨ ᠠᠯᠪᠠᠨ ᠶᠣᠰᠣᠨ ᠤ ᠬᠡᠯᠡ ᠪᠦᠭᠡᠳ 7 ᠰᠠᠶ᠎ᠠ ᠬᠦᠮᠦᠨ ᠬᠡᠯᠡᠯᠴᠡᠳᠡᠭ᠃ ᠮᠠᠨ ᠤ ᠡᠷᠡᠨ ᠠᠴᠠ ᠡᠮᠦᠨ᠎ᠡ 3  ᠳ᠋ᠣᠭᠠᠷ ᠵᠠᠭᠤᠨ ᠢ ᠬᠦᠷᠳᠡᠯ᠎ᠡ ᠫᠠᠯᠧᠰᠲ᠋ᠠᠨ ᠣᠷᠴᠢᠮ ᠳᠤ ᠬᠡᠯᠡᠯᠴᠡᠭᠳᠡᠵᠦ ᠪᠠᠶᠢᠭᠠᠳ ᠵᠦᠪᠬᠡᠨ ᠪᠢᠴᠢᠭ ᠤᠨ ᠬᠡᠯᠡ ᠪᠣᠯᠵᠦ ᠦᠯᠡᠳᠡᠭᠰᠡᠨ ᠪᠣᠯᠪᠠᠴᠦ 19  ᠳ᠋ᠣᠬᠡᠷ ᠵᠠᠭᠤᠨ ᠠᠴᠠ ᠠᠬᠢᠨ ᠠᠮᠢᠳᠦ ᠶᠠᠷᠢᠶᠠᠨ ᠤ ᠬᠡᠯᠡ ᠪᠣᠯᠣᠨ ᠰᠡᠷᠬᠦᠭᠰᠡᠨ ᠳᠡᠣᠬᠡ ᠲᠠᠢ᠃ ᠡᠯᠧᠽᠧᠷ ᠪᠧᠨ᠂ ᠶᠧᠬᠤᠳᠠ         ᠢᠪᠷᠠᠢ ᠬᠡᠯᠡ ᠳᠠᠬᠢᠨ ᠰᠡᠷᠬᠦᠭᠰᠡᠨ ᠨᠢ ᠦᠶ᠎ᠡ ᠦᠶ᠎ᠡ ᠶᠢᠨ ᠰᠣᠳᠣᠯᠣᠭᠠᠴᠢ᠂ ᠰᠣᠷᠭᠠᠨ ᠬᠦᠮᠦᠵᠢᠬᠦᠯᠦᠭᠴᠢᠳ ᠤᠨ ᠰᠢᠷᠭᠠᠭᠤ ᠬᠦᠳᠡᠯᠮᠣᠷᠢ ᠶᠢᠨ ᠦᠷ᠎ᠠ ᠳ᠋ᠦᠩ ᠶᠤᠮ᠃ ᠳᠡᠳᠡ ᠪᠦᠬᠦᠳᠠ ᠶᠢᠨ ᠳᠣᠮᠳᠠ ᠡᠯᠧᠽᠧᠷ ᠪᠧᠨ᠂ ᠶᠧᠬᠤᠳᠠ ᠶᠢᠨ ᠨᠠᠷ᠎ᠠ ᠣᠨᠴᠠ ᠳᠣᠳᠣ ᠪᠠᠷ ᠳᠣᠷᠠᠳᠣᠭᠳᠠᠳᠠᠭ᠃ ᠡᠯᠧᠽᠧᠷ ᠪᠧᠨ᠂ ᠶᠧᠬᠤᠳᠠ 1858 ᠣᠨ ᠤ 1 ᠰᠠᠷ᠎ᠠ ᠶᠢᠨ 7 ᠳᠤ᠂ ᠣᠳᠦ ᠶᠢᠨ ᠪᠧᠯᠡᠷᠣᠰ ᠣᠯᠣᠰ ᠤᠨ ᠨᠣᠳᠤᠭ ᠳᠡᠪᠢᠰᠬᠡᠷ ᠲᠤ ᠲᠦᠷᠦᠵᠠᠢ ᠃ ᠡᠯᠧᠽᠧᠷ ᠪᠧᠨ᠂ ᠶᠧᠬᠤᠳᠠ  ︵1858 —1922︶  ︽ ᠮᠦᠷᠦᠬᠡᠳᠦᠯ ᠪᠡᠶᠡᠯᠡᠭᠰᠡᠨ ᠨᠢ︾  ᠬᠡᠮᠡᠬᠦ ᠦᠪᠡᠷ  ᠤᠨ ᠨᠠᠮᠲᠠᠷ ᠲᠠᠭᠠᠨ ᠳᠡᠷᠡ ᠪᠠᠷ  ︽ ᠪᠦᠬᠦᠢ ᠯᠡ ᠠᠮᠢᠳᠣᠷᠠᠯ ᠤᠨ ᠢᠶᠠᠨ ᠳᠣᠷᠰᠢᠳᠠ ᠮᠢᠨᠦ ᠪᠡᠶ᠎ᠡ ᠬᠤᠶᠠᠷᠬᠠᠨ ᠵᠦᠢᠯ  ᠳᠤ ᠳᠠᠶᠢᠳᠬᠤᠷᠠᠬᠤ ᠶᠢᠨ ᠠᠷᠭ᠎ᠠ ᠦᠭᠡᠢ ᠪᠠᠷ ᠬᠠᠷᠠᠮᠰᠠᠭᠰᠠᠭᠠᠷ ᠢᠷᠡᠭᠰᠡᠨ ᠪᠢᠯᠡ᠃ ᠨᠢᠭᠡ ᠳᠤ᠂ ᠪᠢ ᠶᠧᠷᠣᠰᠠᠯᠢᠮ  ᠳᠤ  ᠪᠣᠣ ᠬᠡᠯᠡ᠂ ᠪᠦᠷ ᠢᠰᠷᠧᠯ ᠤᠨ ᠨᠣᠳᠤᠭ ᠳᠡᠪᠢᠰᠬᠡᠷ   ᠲᠤ ᠴᠦ ᠲᠦᠷᠦᠭᠰᠡᠨ ᠦᠭᠡᠢ᠃ ᠬᠤᠶᠠᠷ ᠲᠤ᠂ ᠠᠩᠬᠠᠯᠠᠨ ᠶᠠᠷᠢᠵᠦ᠂  ᠱᠣᠯᠣᠭᠠᠨᠠᠵᠦ ᠡᠬᠢᠯᠡᠭᠰᠡᠨ ᠬᠡᠯᠡ ᠮᠢᠨᠢ ᠢᠪᠷᠠᠢ ᠬᠡᠯᠡ ᠪᠢᠰᠢ ᠪᠠᠶᠢᠯ᠎ᠠ︾  ᠬᠡᠮᠡᠨ ᠪᠢᠴᠢᠭᠰᠡᠨ ᠪᠠᠶᠢᠳᠠᠭ᠃ ᠳᠡᠬᠦᠨ ᠢ ᠪᠠᠭ᠎ᠠ ᠳᠤ ᠢᠪᠷᠠᠢ ᠬᠡᠯᠡ ᠬᠡᠭᠴᠢ ᠨᠢ ᠨᠠᠩ ᠡᠷᠳᠡᠨ ᠤ ᠬᠠᠯᠳᠠᠰᠢ  ᠦᠭᠡᠢ ᠨᠠᠨᠳᠢᠨ᠂ ᠱᠠᠰᠢᠨ  ᠤ ᠬᠡᠯᠡ ᠳᠤ ᠳᠣᠭᠠᠴᠠᠭᠳᠠᠳᠠᠭ ᠪᠠᠶᠢᠪᠠ᠃ ᠨᠣᠳᠤᠭ ᠤᠨ ᠬᠢ ᠨᠢ ᠵᠦᠳ᠋ ᠤᠳ ᠪᠦᠬᠦᠳᠠ ᠢᠳ᠋ᠳᠢᠱ ᠬᠡᠯᠡ ᠪᠠᠷ ᠬᠡᠯᠡᠯᠴᠡᠬᠦ ᠪᠦᠭᠡᠳ ᠢᠪᠷᠠᠢ ᠬᠡᠯᠡ ᠪᠠᠷ ᠪᠣᠯ ᠬᠠᠶᠠᠬᠠᠨ ᠨᠢᠭᠡ ᠪᠢᠪᠯᠢ ᠶᠢᠨ ᠴᠠᠮ ᠡᠰᠢᠯᠡᠯ ᠦᠬᠦᠯᠡᠬᠦ ᠳᠡᠳᠦᠢ᠃  ︽ ᠠᠮᠢᠳᠦ ᠬᠡᠯᠡ  ᠪᠢᠰᠢ ᠪᠣᠯᠪᠠᠴᠦ ᠪᠠᠰᠠ ᠮᠦᠬᠦᠭᠰᠡᠨ ᠬᠡᠵᠦ ᠬᠡᠯᠡᠵᠦ ᠪᠣᠯᠣᠮᠠᠷ ᠦᠭᠡᠢ︾  ᠂ ᠳᠡᠶᠢᠮᠦ  ᠯᠡ ᠬᠡᠯᠡ ᠪᠠᠶᠢᠵᠠᠢ᠃ ᠢᠪᠷᠠᠢ ᠬᠡᠯᠡᠨ ᠤ ᠴᠠᠭᠠᠨ ᠳᠣᠯᠣᠭᠠᠢ         ᠪᠧᠨ᠂ ᠶᠧᠬᠤᠳᠠ ᠶᠢᠨ ᠬᠤᠵᠢᠮ ᠳᠣᠷᠠᠰᠣᠭᠰᠠᠨ ᠢᠶᠠᠷ ᠢᠪᠷᠠᠢ ᠬᠡᠯᠡᠨ ᠤ ᠰᠡᠳᠬᠢᠯ ᠢ ᠨᠢ ᠬᠠᠮᠤᠭ ᠤᠨ ᠶᠡᠭᠡ ᠳᠠᠳᠠᠭᠰᠠᠨ ᠴᠢᠨᠠᠷ ᠨᠢ ᠣᠯᠠᠨ ᠠᠶᠠᠯᠭᠤᠨ ᠤ ᠳᠣᠮᠳᠠ ᠶᠢᠨ ᠰᠢᠨᠵᠢ ᠨᠢ ᠪᠠᠶᠢᠪᠠ᠃ ᠯᠢᠲᠸ᠎ᠠ᠂ ᠭᠠᠯᠢᠴᠣᠳ᠂ ᠮᠥᠨ ᠢᠰᠲ᠋ᠠᠨᠪᠣᠯ ᠤᠨ ᠵᠦᠳ᠋ ᠤᠳ ᠪᠦᠬᠦᠳᠠ ᠦᠬᠡᠷ᠎ᠡ ᠦᠭᠡᠷ᠎ᠡ ᠬᠡᠯᠡ᠂ ᠠᠶᠠᠯᠭᠤ ᠪᠠᠷ ᠶᠠᠷᠢᠳᠠᠭ᠂ ᠬᠤᠭᠤᠷᠣᠨᠳᠦ ᠪᠡ ᠣᠶᠢᠯᠠᠭᠠᠯᠴᠠᠳᠠᠭ ᠦᠭᠡᠢ ᠪᠣᠯᠪᠠᠴᠦ ᠢᠪᠷᠠᠢ ᠬᠡᠯᠡ ᠪᠠᠷ ᠣᠩᠰᠢᠬᠤ ᠪᠠᠷ ᠢᠶᠠᠨ ᠪᠦᠬᠦᠳᠠ ᠠᠳᠠᠯᠢ ᠣᠶᠢᠯᠠᠭᠠᠨ᠎ᠠ᠃ ᠪᠧᠨ᠂ ᠶᠧᠬᠤᠳᠠ ᠢᠪᠷᠠᠢ ᠬᠡᠯᠡ ᠣᠷᠴᠢᠨ ᠴᠠᠭ ᠤᠨ ᠠᠮᠢᠳᠦ ᠶᠠᠷᠢᠶᠠᠨ ᠤ ᠬᠡᠯᠡ ᠪᠠᠶᠢᠵᠦ ᠪᠣᠯᠬᠤ ᠶᠤᠮ ᠪᠠᠶᠢᠨ᠎ᠠ ᠬᠡᠳᠡᠭ ᠢ ᠢᠪᠷᠠᠢ ᠬᠡᠯᠡ ᠪᠠᠷ ᠣᠷᠴᠢᠭᠤᠯᠣᠭᠳᠠᠭᠰᠠᠨ ᠷᠣᠪᠢᠨᠽᠣᠨ ᠺᠷᠣᠽᠣ᠋ ᠷᠣᠮᠠᠨ ᠢ ᠨᠢᠭᠤᠴᠠ ᠪᠠᠷ ᠣᠩᠰᠢᠭᠠᠳ ᠯᠡ ᠬᠦᠨ ᠪᠠᠳᠦ ᠣᠶᠢᠯᠠᠭᠠᠵᠦ ᠠᠪᠣᠭᠰᠠᠨ ᠬᠡᠳᠡᠭ᠃ ᠨᠢᠭᠤᠴᠠ ᠪᠠᠷ  ᠬᠡᠳᠡᠭ ᠤᠨ ᠣᠴᠢᠷ ᠨᠢ ᠳᠠᠷᠠ ᠦᠶ᠎ᠡ ᠳᠤ ᠢᠪᠷᠠᠢ ᠬᠡᠯᠡ ᠱᠠᠰᠢᠨ ᠤ᠂ ᠠᠷᠢᠭᠤᠨ ᠬᠡᠯᠡ ᠪᠠᠷ ᠳᠣᠭᠠᠴᠠᠭᠳᠠᠳᠠᠭ᠂ ᠬᠠᠮᠢᠶ᠎ᠠ ᠦᠭᠡᠢ ᠣᠷᠠᠨ  ᠵᠣᠬᠢᠶᠠᠯ ᠤᠨ ᠨᠣᠮ ᠵᠡᠷᠭᠡ ᠶᠢ ᠠᠷᠢᠭᠤᠨ ᠬᠡᠯᠡ ᠪᠠᠷ ᠣᠷᠴᠢᠭᠤᠯᠵᠦ᠂ ᠣᠩᠰᠢᠬᠤ ᠬᠤᠷᠢᠶ᠎ᠠ ᠲᠠᠢ ᠪᠠᠶᠢᠵᠠᠢ᠃          ᠢᠪᠷᠢᠲ ᠪᠣᠶᠣ ᠢᠪᠷᠠᠢ ᠬᠡᠯᠡ ᠶᠢ ᠰᠠᠷᠬᠦᠬᠡᠨ ᠬᠡᠷᠡᠭᠯᠡᠬᠦ ᠬᠡᠰᠡᠨ ᠣᠷᠣᠯᠳᠣᠯᠭ᠎ᠠ ᠮᠡᠳᠡᠬᠡᠵᠢ ᠳᠠᠶᠢᠮᠦ ᠠᠮᠠᠷᠬᠠᠨ ᠪᠦᠳᠦᠭᠰᠡᠨ ᠦᠭᠡᠢ᠃ ᠪᠠᠰᠠ ᠬᠦᠮᠦᠨ ᠪᠦᠬᠦᠨ ᠶᠠᠮᠠᠷ ᠰᠠᠶᠢᠬᠠᠨ ᠬᠡᠯᠡ ᠦᠢᠯᠡ  ᠬᠡᠷᠡᠭ ᠪᠣᠢ ᠬᠡᠳ ᠳᠠᠭᠠᠴᠢᠬᠠᠭᠰᠠᠨ ᠦᠭᠡᠢ᠃ ᠱᠠᠰᠢᠨ ᠤ ᠠᠷᠢᠭᠤᠨ ᠬᠡᠯᠡ   ᠪᠠᠨ ᠬᠦᠮᠦᠨ ᠪᠦᠷᠢ ᠶᠠᠷᠢᠳᠠᠭ ᠬᠡᠯᠡ ᠪᠣᠯᠭᠠᠬᠤ ᠶᠢᠨ ᠡᠰᠡᠷᠬᠦ ᠣᠯᠠᠨ ᠴᠦ ᠵᠢᠳᠬᠦᠯᠳᠠᠨ᠂ ᠪᠦᠷ ᠨᠠᠷ᠎ᠠ ᠲᠦᠷᠦ ᠲᠠᠢ ᠬᠦᠮᠦᠰ ᠬᠦᠷᠳᠡᠯ᠎ᠡ ᠳᠡᠮᠡᠴᠡᠭᠰᠡᠨ ᠪᠠᠶᠢᠨ᠎ᠠ  ᠂ ᠵᠠᠷᠢᠮ  ᠨᠢ ᠠᠷᠢᠭᠤᠨ᠂ ᠨᠠᠨᠳᠢᠨ ᠬᠡᠳᠡᠭ ᠣᠳᠬ᠎ᠠ ᠪᠠᠷ ᠨᠢ ᠪᠢᠰᠢ ᠶᠡᠷᠦ ᠠᠴᠠ ᠪᠣᠯᠣᠮᠵᠢ ᠦᠭᠡᠢ ᠮᠦᠷᠦᠬᠡᠳᠦᠯ᠂ ᠨᠢᠬᠡᠨᠳᠠ ᠮᠦᠬᠦᠭᠰᠡᠨ ᠬᠡᠯᠡ ᠣᠷᠴᠢᠨ ᠴᠠᠭ ᠤᠨ ᠬᠦᠭᠵᠢᠯ ᠳᠤ ᠵᠣᠬᠢᠴᠠᠬᠤ ᠦᠭᠡᠢ ᠬᠡᠰᠡᠨ ᠡᠬᠦᠳᠠᠨ ᠠᠴᠠ ᠡᠰᠡᠷᠬᠦᠴᠡᠵᠦ ᠪᠠᠶᠢᠵᠠᠢ᠃ ᠵᠢᠱᠢᠶᠡᠯᠡᠪᠡᠯ  ᠂ ᠬᠠᠩᠭᠠᠷᠢ ᠳᠤ ᠲᠦᠷᠦᠭᠰᠡᠨ ᠲᠸᠣᠳᠣᠷ ᠡᠾᠧᠷᠴᠡᠯ ᠬᠡᠮᠡᠬᠦ ᠨᠠᠷᠠᠳᠦ ᠰᠡᠳᠬᠦᠯᠴᠢ ᠠᠯᠢ ᠬᠡᠳᠦᠶᠢᠨ  ᠮᠦᠭᠦᠭᠰᠡᠨ ᠬᠡᠯᠡ ᠶᠢ ᠰᠡᠷᠬᠦᠬᠡᠬᠦ ᠪᠠᠷ ᠳᠠᠶᠢᠮᠦ ᠶᠡᠭᠡ ᠴᠠᠭ᠂ ᠡᠷᠴᠢ ᠬᠦᠴᠦ ᠵᠠᠷᠣᠬᠤ ᠬᠡᠷᠡᠭ ᠦᠭᠡᠢ᠂ ᠵᠦᠳ᠋ ᠱᠠᠰᠢᠨᠳᠠᠨ ᠤ ᠳᠣᠮᠳᠠ ᠶᠢᠨ ᠬᠡᠯᠡ ᠪᠠᠷ ᠭᠧᠷᠮᠠᠨ ᠬᠡᠯᠡ ᠶᠢ ᠬᠡᠷᠡᠭᠯᠡᠵᠦ ᠪᠣᠯᠣᠨ᠎ᠠ ᠬᠡᠮᠡᠨ ᠦᠵᠡᠳᠡᠭ ᠪᠠᠶᠢᠵᠠᠢ᠃         19  ᠳ᠋ᠣᠬᠡᠷ ᠵᠠᠭᠤᠨ ᠤ ᠰᠡᠬᠦᠯᠴᠢ ᠬᠡᠬᠦ ᠳᠤ ᠳᠡᠯᠡᠬᠡᠢ ᠳᠤ ᠨᠠᠶᠢᠳᠠ ᠳᠤ ᠪᠠᠨ 10 ᠰᠠᠶ᠎ᠠ 600 ᠵᠦᠳ᠋ ᠠᠮᠢᠳᠣᠷᠠᠳᠠᠭ ᠬᠡᠰᠡᠨ ᠳᠣᠭᠠᠴᠠᠭ᠎ᠠ ᠪᠠᠶᠢᠯ᠎ᠠ᠃  ᠳᠠᠳᠡᠨ ᠤ ᠭᠤᠷᠪᠠᠨ ᠤ ᠬᠤᠶᠠᠷ ᠬᠤᠪᠢ ᠨᠢ ᠢᠳ᠋ᠳᠢᠱ ᠬᠡᠯᠡ ᠪᠠᠷ ᠶᠠᠷᠢᠨ᠎ᠠ᠃ ᠣᠷᠣᠰ ᠲᠤ 4  ᠰᠠᠶ᠎ᠠ᠂ ᠠᠮᠧᠷᠢᠺᠠ ᠶᠢᠨ ᠨᠢᠭᠡᠳᠦᠭᠰᠡᠨ ᠣᠯᠣᠰ ᠲᠤ ᠨᠢᠭᠡ ᠬᠠᠭᠠᠰ ᠵᠦᠳ᠋ ᠰᠠᠭᠤᠳᠠᠭ ᠪᠠᠶᠢᠪᠠ᠃ ᠪᠠᠰᠠ ᠲᠦᠷᠦᠭ᠂ ᠹᠷᠠᠨᠽᠢ᠂ ᠠᠷᠠᠪ᠂ ᠯᠠᠳᠢᠨ ᠬᠡᠯᠡ ᠪᠠᠷ ᠬᠡᠯᠡᠯᠴᠡᠭᠴᠢ ᠵᠦᠳ᠋ ᠤᠳ ᠴᠦ ᠣᠯᠠᠨ ᠪᠠᠶᠢᠯ᠎ᠠ᠃ ᠳᠡᠯᠡᠬᠡᠢ ᠳᠠᠶᠠᠭᠠᠷ ᠳᠠᠷᠬᠠᠭᠰᠠᠨ᠂ ᠳᠡᠭᠡᠷ᠎ᠡ ᠨᠢ ᠡᠨᠡ ᠣᠯᠠᠨ ᠦᠭᠡᠷ᠎ᠡ ᠬᠡᠯᠡ ᠪᠠᠷ ᠬᠡᠯᠡᠯᠴᠡᠭᠴᠢ ᠵᠦᠳ᠋ ᠨᠠᠷ ᠢ  ᠬᠡᠷᠬᠢᠨ ᠨᠢᠭᠡᠳᠬᠡᠬᠦ ᠳᠠᠯ᠎ᠠ ᠪᠠᠷ ᠪᠧᠨ᠂ ᠶᠧᠬᠤᠳᠠ ᠶᠢᠨ ᠰᠠᠨᠠᠭ᠎ᠠ ᠵᠣᠪᠠᠵᠦ  ᠪᠠᠶᠢᠪᠠ᠃ 1879 ᠣᠨ ᠳᠤ ᠪᠢᠴᠢᠭᠰᠡᠨ ᠠᠯᠳᠠᠷᠳᠦ ︽ ᠬᠤᠷᠴᠠ ᠠᠰᠠᠭᠤᠳᠠᠯ ᠤᠳ︾  ᠦᠬᠦᠯᠡᠯ ᠳᠤ ᠪᠠᠨ  ︽ ᠦᠨᠳᠣᠰᠣᠳᠡᠨ ᠢᠶᠠᠨ ᠰᠡᠷᠬᠦᠬᠡᠶ᠎ᠡ᠂ ᠡᠬᠦᠨ ᠤ ᠳᠣᠯᠠ ᠬᠡᠯᠡ ᠶᠢ ᠨᠢ ᠪᠠᠰᠠ ᠰᠡᠷᠬᠦᠬᠡᠶ᠎ᠡ︾ ᠬᠡᠮᠡᠨ ᠣᠷᠢᠶᠠᠯᠠᠨ ᠳᠠᠭᠤᠳᠠᠭᠰᠠᠨ ᠪᠠᠶᠢᠳᠠᠭ᠃ ᠦᠨᠠᠬᠡᠷ ᠣᠯᠣᠰ ᠦᠨᠳᠣᠰᠦ ᠪᠠᠨ ᠳᠠᠬᠢᠨ ᠨᠢᠭᠡᠳᠬᠡᠬᠦ ᠰᠢᠣᠨᠢᠰᠲ ᠬᠦᠳᠡᠯᠭᠡᠭᠡᠨ ᠤ ᠭᠤᠣᠯ ᠴᠦᠮ᠎ᠡ ᠨᠢ ᠬᠡᠯᠡ ᠰᠢᠨᠵᠢᠯᠡᠯ ᠤᠨ ᠠᠰᠠᠭᠤᠳᠠᠯ ᠪᠠᠶᠢᠯ᠎ᠠ᠃         ᠠᠮᠧᠷᠢᠺᠡ ᠶᠢᠨ ᠨᠢᠭᠡᠳᠦᠭᠰᠡᠨ ᠣᠯᠣᠰ ᠤᠨ ᠰᠣᠳᠣᠯᠣᠭᠠᠴᠢ ᠵᠠᠺ ᠹᠧᠯᠯᠮᠠᠨ ᠠᠴᠠ ᠪᠧᠨ᠂ ᠶᠧᠬᠤᠳᠠ ᠶᠢᠨ ᠢᠪᠷᠠᠢ ᠬᠡᠯᠡ ᠶᠢ   ᠨᠦᠬᠦᠨ ᠰᠡᠷᠬᠦᠬᠡᠬᠦ ᠳᠤ ᠣᠷᠣᠭᠤᠯᠣᠭᠰᠠᠨ ᠬᠤᠪᠢ ᠨᠠᠮᠠᠷᠢ ᠶᠢ ᠨᠢ ᠳᠣᠰᠬᠠᠶᠢᠯᠠᠨ ᠰᠣᠳᠣᠯᠣᠭᠠᠳ ᠂ ᠣᠶᠢᠯᠠ ᠬᠡᠷᠡᠭ ᠢ ᠨᠢ ᠭᠤᠷᠪᠠᠨ ᠱᠠᠳᠦ ᠪᠣᠯᠭᠠᠨ ᠬᠤᠪᠢᠶᠠᠭᠰᠠᠨ ᠪᠠᠶᠢᠨ᠎ᠠ᠃ ᠡᠬᠦᠨ ᠳᠤ᠂ ᠨᠢᠭᠡ ᠳᠤ ᠢᠪᠷᠠᠢ ᠬᠡᠯᠡ  ᠶᠢ   ᠠᠶᠢᠯ ᠬᠡᠷ ᠲᠤ  ᠂ ᠬᠤᠶᠠᠷ ᠲᠤ᠂ ᠢᠪᠷᠠᠢ ᠬᠡᠯᠡ ᠶᠢ ᠰᠣᠷᠭᠠᠭᠤᠯᠢ ᠳᠤ᠂ ᠭᠤᠷᠪᠠ ᠳᠤ᠂ ᠦᠭᠡ᠂ ᠦᠭᠡ᠂ ᠦᠭᠡ  ᠁ ᠠᠮᠢᠳᠦ ᠶᠠᠷᠢᠶᠠᠨ ᠳᠤ ᠬᠡᠷᠡᠭᠯᠡᠭᠳᠡᠬᠦ ᠪᠠᠨ ᠪᠣᠯᠢᠭᠠᠳ ᠬᠤᠶᠠᠷ ᠮᠢᠩᠭ᠎ᠠ ᠭᠠᠷᠣᠢ ᠵᠢᠯ ᠪᠣᠯᠣᠭᠰᠠᠨ ᠬᠡᠯᠡ  ᠶᠢ ᠰᠡᠷᠬᠦᠬᠡᠨ ᠶᠠᠷᠢᠨ᠎ᠠ ᠬᠡᠳᠡᠭ ᠮᠠᠰᠢ ᠬᠡᠴᠡᠬᠦᠣ ᠦᠢᠯᠡ ᠬᠡᠷᠡᠭ ᠪᠠᠶᠢᠭᠰᠠᠨ ᠨᠢ ᠣᠶᠢᠯᠠᠭᠠᠮᠵᠢᠳᠠᠢ᠃ ᠣᠯᠠᠨ ᠬᠦᠮᠦᠰ ᠡᠬᠦᠨ ᠢ ᠪᠣᠯᠣᠮᠵᠢ ᠦᠭᠡᠢ ᠬᠡᠵᠦ ᠦᠵᠡᠵᠦ ᠪᠠᠶᠢᠭᠰᠠᠨ ᠨᠢ ᠣᠴᠢᠷ ᠲᠠᠢ ᠶᠤᠮ᠃ ᠢᠪᠷᠠᠢ ᠬᠡᠯᠡ ᠪᠠᠷ ᠪᠢᠴᠢᠭᠳᠡᠭᠰᠡᠨ  ᠪᠦᠳᠦᠬᠡᠯ᠂ ᠦᠬᠡᠷ᠎ᠡ   ᠪᠠᠷ ᠬᠡᠯᠡᠪᠡᠯ ᠬᠡᠯᠡ ᠪᠠᠨ  ᠨᠦᠬᠦᠨ ᠰᠡᠷᠬᠦᠭᠡᠳᠡᠭ ᠣᠳᠬ᠎ᠠ ᠵᠣᠬᠢᠶᠠᠯ ᠤᠨ ᠪᠠᠷᠢᠮᠳᠠ ᠨᠢ ᠪᠣᠯᠬᠤ ᠢᠪᠷᠠᠢ ᠬᠡᠯᠡ ᠪᠠᠷ ᠬᠢ ᠪᠢᠪᠯᠢ ᠨᠢ ᠵᠢᠷᠭᠤᠭᠠᠨ ᠮᠢᠩᠭ᠎ᠠ ᠣᠷᠴᠢᠮ  ᠯᠡ ᠦᠬᠡ ᠠᠴᠠ ᠪᠦᠳᠦᠭᠰᠡᠨ ᠪᠣᠯ ᠭᠠᠭᠴᠠ ᠱᠧᠺᠰᠫᠢᠷ ᠯᠡ ᠬᠡᠬᠦ ᠳᠤ ᠵᠣᠬᠢᠶᠠᠯ ᠪᠦᠳᠦᠬᠡᠯ ᠳᠤ ᠪᠠᠨ ᠭᠤᠴᠢᠨ ᠳᠠᠪᠣᠨ ᠮᠢᠩᠭᠠᠨ ᠦᠭᠡ ᠠᠰᠢᠭᠯᠠᠭᠰᠠᠨ ᠪᠠᠶᠢᠳᠠᠭ᠃ ᠬᠡᠳᠠᠯ᠎ᠠ ᠪᠠᠰᠠ ᠡᠳᠦᠷ ᠳᠣᠳᠣᠮ ᠤᠨ ᠬᠡᠷᠡᠭᠴᠡᠬᠡᠨ ᠳᠤ ᠪᠣᠢ ᠪᠣᠯᠣᠭᠰᠠᠭᠠᠷ ᠪᠣᠢ ᠣᠯᠠᠨ ᠮᠢᠩᠭᠠᠨ ᠦᠭᠡ  ᠶᠢ ᠰᠢᠨ᠎ᠡ ᠪᠠᠷ ᠵᠣᠬᠢᠶᠠᠬᠤ ᠬᠡᠷᠡᠭᠳᠠᠢ᠃ ᠪᠧᠨ᠂ ᠶᠧᠬᠤᠳᠠ ︽ ᠢᠪᠷᠠᠢ ᠬᠡᠯᠡ ᠶᠢ  ᠠᠶᠢᠯ ᠬᠡᠷ ᠲᠤ︾  ᠬᠡᠮᠡᠭᠰᠡᠨ ᠡᠬᠢᠨ ᠤ ᠱᠠᠳᠣᠨ ᠤ ᠪᠠᠨ ᠣᠶᠢᠯᠠ ᠬᠡᠷᠡᠭ ᠲᠤ ᠦᠨᠡᠨ ᠳᠤ ᠪᠠᠨ ᠬᠤᠪᠢ ᠶᠢᠨ ᠠᠮᠢᠳᠣᠷᠠᠯ ᠢᠶᠠᠨ ᠵᠣᠯᠢᠶᠠᠰᠣᠯᠠᠭᠰᠠᠨ ᠪᠠᠶᠢᠨ᠎ᠠ᠃ ᠨᠠᠮᠳᠠᠷ ᠲᠤ ᠪᠠᠨ ᠪᠢᠴᠢᠭᠰᠡᠨ ᠨᠢ᠄ ︽ ᠮᠢᠨᠦ  ︵ ᠡᠬᠢᠨ ᠤ︶  ᠡᠬᠡᠨᠡᠷ ᠪᠣᠯ ᠬᠡᠣᠬᠡᠳ   ᠲᠠᠢ ᠪᠠᠨ ᠳᠦᠷᠦᠭᠰᠡᠨ ᠴᠠᠭ ᠠᠴᠠ ᠨᠢ ᠡᠬᠢᠯᠡᠨ ᠢᠪᠷᠠᠢ ᠬᠡᠯᠡ ᠪᠠᠷ ᠶᠠᠷᠢᠭᠰᠠᠨ ᠮᠠᠨ ᠤ ᠦᠶ᠎ᠡ ᠶᠢᠨ ᠠᠩᠬᠠᠨ ᠤ ᠢᠪᠷᠠᠢ ᠡᠬᠡ ᠪᠢᠯᠡ᠃ ᠪᠢᠳᠠ ᠬᠤᠶᠠᠷ ᠬᠦᠦ  ᠪᠠᠨ ᠢᠪᠷᠠᠢ ᠠᠴᠠ ᠦᠬᠡᠷ᠎ᠡ ᠬᠡᠯᠡ ᠪᠠᠷ ᠭᠠᠭᠴᠠ ᠴᠦ ᠪᠣᠯᠪᠠ ᠦᠭᠡ ᠰᠣᠨᠣᠰᠴᠢᠬᠠᠬᠤ ᠪᠣᠢ᠂ ᠦᠬᠡᠷ᠎ᠡ ᠬᠡᠯᠡᠨ   ᠳᠤ ᠨᠦᠯᠦᠬᠡᠯᠡᠭᠳᠡᠴᠢᠬᠡᠬᠦ ᠪᠣᠢ ᠬᠡᠵᠦ ᠮᠠᠰᠢ ᠶᠡᠭᠡ ᠰᠠᠨᠠᠭ᠎ᠠ ᠵᠣᠪᠡᠨ ᠬᠠᠭᠠᠯᠭ᠎ᠠ ᠴᠣᠩᠬᠤ ᠪᠠᠨ ᠪᠢᠳᠡᠬᠦᠯᠡᠳᠡᠭ ᠪᠠᠶᠢᠯ᠎ᠠ᠃ ᠡᠬᠦᠨ ᠤ ᠬᠦᠴᠦᠨ ᠳᠤ ᠮᠢᠨᠦ ᠬᠦᠦ ᠳᠡᠣᠬᠡᠨ ᠳᠤ ᠠᠩᠬ᠎ᠠ ᠣᠳᠠᠭ᠎ᠠ ᠪᠠᠨ ᠢᠪᠷᠠᠢ ᠬᠡᠯᠡ ᠪᠠᠷ ᠬᠡᠯᠡ ᠳᠤ ᠣᠷᠣᠭᠰᠠᠨ ᠬᠡᠣᠬᠡᠳ ᠪᠣᠯᠣᠭᠰᠠᠨ ᠶᠤᠮ︾ ᠮᠡᠳᠡᠬᠡᠵᠢ ᠬᠤᠶᠠᠷ ᠮᠢᠩᠭᠠᠨ ᠵᠢᠯ ᠤᠨ ᠡᠮᠦᠨ᠎ᠡ ᠬᠡᠣᠬᠡᠳ ᠤᠳ ᠢᠪᠷᠠᠢ ᠬᠡᠯᠡ ᠪᠠᠷ  ᠢᠶᠠᠨ ᠯᠡ ᠬᠡᠯᠡ ᠳᠤ ᠣᠷᠣᠳᠠᠭ ᠪᠠᠶᠢᠭᠰᠠᠨ ᠪᠠᠶᠢᠭ᠎ᠠ᠃ ᠪᠧᠨ᠂ ᠶᠧᠬᠤᠳᠠ ᠶᠢᠨ ᠬᠦᠦ ᠳᠡᠬᠡᠬᠦ ᠪᠠᠷ ᠳᠡᠣᠬᠡᠨ ᠳᠤ ᠠᠩᠬ᠎ᠠ ᠣᠳᠠᠭ᠎ᠠ ᠴᠦ ᠪᠢᠰᠢ᠂  ᠰᠡᠬᠦᠯ ᠤᠨ ᠬᠤᠶᠠᠷ ᠮᠢᠩᠭᠠᠨ ᠵᠢᠯ ᠤᠨ ᠳᠡᠣᠬᠡᠨ ᠳᠤ ᠠᠩᠬ᠎ᠠ ᠣᠳᠠᠭ᠎ᠠ ᠬᠡᠪᠡᠯ ᠦᠨᠡᠨ ᠪᠣᠯᠬᠤ ᠶᠤᠮ᠃ ᠡᠶᠢᠨᠬᠦ ᠬᠤᠣᠰ ᠬᠤᠶᠠᠷ ᠬᠡᠷ ᠲᠤ ᠪᠠᠨ ᠵᠦᠪᠬᠡᠨ ᠢᠪᠷᠠᠢ ᠬᠡᠯᠡ ᠪᠠᠷ ᠶᠠᠷᠢᠭᠰᠠᠭᠠᠷ ᠬᠡᠣᠬᠡᠳ  ᠤᠳ ᠢᠶᠠᠨ ᠮᠦᠬᠦᠭᠰᠡᠨ ᠪᠠᠶᠢᠭᠰᠠᠨ ᠢᠪᠷᠠᠢ ᠬᠡᠯᠡ ᠪᠠᠷ ᠶᠠᠷᠢᠳᠠᠭ ᠪᠣᠯᠭᠠᠴᠢᠬᠠᠵᠠᠢ᠃ ᠡᠬᠦᠨ ᠤ ᠳᠠᠷᠠᠭ᠎ᠠ ᠮᠦᠷᠦᠬᠡᠳᠦᠯ ᠪᠡᠶᠡᠯᠡᠬᠦ ᠪᠣᠯᠣᠮᠵᠢᠳᠠᠢ ᠶᠢ ᠬᠠᠷᠠᠭᠤᠯᠣᠭᠰᠠᠨ ᠬᠡᠣᠬᠡᠳ ᠤᠳ ᠢᠶᠠᠨ ᠦᠯᠢᠬᠡᠷ ᠵᠢᠱᠢᠶ᠎ᠡ ᠪᠣᠯᠭᠠᠬᠤ ᠪᠠᠷ ᠳᠡᠮᠡᠴᠡᠵᠦ ᠢᠬᠢᠯᠡᠭᠰᠡᠨ ᠪᠠᠶᠢᠨ᠎ᠠ᠃ ᠢᠩᠬᠢᠭᠡᠳ1886 ᠣᠨ ᠳᠤ ᠢᠰᠷᠧᠯ ᠤᠨ ᠨᠢᠭᠡ ᠵᠢᠵᠢᠭ ᠳᠣᠰᠬᠤᠨ ᠳᠤ ᠠᠩᠬᠠᠨ ᠤ ᠢᠪᠷᠠᠢ ᠬᠡᠯᠡᠳᠦ ᠰᠣᠷᠭᠠᠭᠤᠯᠢ ᠪᠠᠶᠢᠭᠤᠯᠣᠭᠳᠠᠪᠠ᠃ ᠪᠡᠷᠬᠡᠰᠢᠶᠡᠯ ᠬᠡᠪᠡᠴᠦ ᠳᠡᠩᠳᠡᠬᠦᠣ ᠶᠡᠭᠡ ᠪᠠᠶᠢᠵᠠᠢ᠃ ᠡᠴᠢᠬᠡ ᠡᠬᠡᠴᠣᠳ ᠬᠡᠨ ᠴᠦ ᠶᠠᠷᠢᠳᠠᠭ ᠦᠭᠡᠢ ᠳᠠᠶᠢᠮᠦ ᠬᠡᠯᠡ ᠲᠠᠢ ᠰᠣᠷᠭᠠᠭᠤᠯᠢ ᠳᠤ ᠬᠡᠣᠬᠡᠳ ᠢᠶᠠᠨ ᠦᠭᠬᠦ ᠳᠤ ᠪᠠᠨ ᠳᠣᠷ᠎ᠠ ᠦᠭᠡᠢ ᠪᠠᠶᠢᠯ᠎ᠠ᠃ ᠢᠪᠷᠠᠢ ᠬᠡᠯᠡ ᠵᠢᠭᠠᠬᠤ ᠪᠠᠶᠢᠳᠣᠭᠠᠢ ᠦᠪᠡᠷᠰᠡᠳ ᠢᠶᠠᠨ ᠴᠦ ᠶᠠᠷᠢᠶᠠᠨ ᠤ ᠢᠪᠷᠠᠢ ᠬᠡᠯᠡ ᠪᠠᠨ ᠰᠠᠶᠢᠨ ᠰᠣᠷᠤᠭ᠎ᠠ ᠦᠭᠡᠢ᠂ ᠡᠷᠳᠡᠨ ᠤ ᠪᠢᠴᠢᠭ ᠤᠨ ᠢᠪᠷᠠᠢ ᠬᠡᠯᠡ ᠮᠡᠳᠡᠳᠡᠭ  ᠪᠠᠭᠰᠢ ᠨᠠᠷ ᠪᠠᠶᠢᠵᠠᠢ᠃ ᠰᠣᠷᠬᠤ ᠪᠢᠴᠢᠭ ᠬᠡᠵᠦ ᠪᠣᠯ ᠪᠦᠷ ᠣᠭᠳᠦ ᠪᠠᠶᠢᠭᠰᠠᠨ ᠦᠭᠡᠢ᠃ ᠢᠩᠬᠢᠯ᠎ᠡ ᠬᠡᠳ ᠢᠪᠷᠠᠶᠢᠴᠣᠳ ᠰᠢᠨᠳᠠᠷᠠᠭᠠᠳ ᠪᠣᠯᠢᠴᠢᠬᠠᠳᠠᠭ ᠣᠯᠣᠰ ᠪᠢᠰᠢ ᠠᠵᠠᠢ᠃ ᠬᠠᠮᠤᠭ ᠤᠨ ᠭᠤᠣᠯ ᠨᠢ ᠳᠠᠷᠠ ᠪᠦᠬᠦᠨ ᠤ ᠠᠷᠠᠳ ᠰᠢᠣᠨᠢᠰᠧᠮ ᠪᠣᠶᠣ ᠦᠨᠳᠣᠰᠣᠳᠡᠨ ᠢᠶᠠᠨ ᠨᠢᠭᠡᠳᠬᠡᠬᠦ ᠠᠭᠤᠣ ᠶᠡᠭᠡ ᠦᠵᠡᠯ ᠨᠢ ᠪᠠᠶᠢᠭᠰᠠᠨ ᠣᠴᠢᠷ ᠣᠯᠠᠮ ᠵᠣᠷᠢᠭᠵᠢᠨ ᠳᠡᠮᠡᠴᠡᠭᠰᠡᠬᠡᠷ 1903 ᠣᠨ ᠳᠤ ᠢᠪᠷᠠᠢ  ᠬᠡᠯᠡᠨ ᠤ ᠪᠠᠭᠰᠢ ᠨᠠᠷ ᠤᠨ ᠬᠤᠯᠪᠣᠭ᠎ᠠ ᠪᠠᠶᠢᠭᠤᠯᠣᠭᠳᠠᠵᠦ᠂ 60 ᠪᠠᠭᠰᠢ ᠨᠢᠬᠡᠳᠦᠨ᠂ ᠦᠢᠯᠡ ᠠᠵᠢᠯᠯᠠᠭ᠎ᠠ ᠪᠠᠨ ᠡᠷᠴᠢᠮᠵᠢᠬᠦᠯᠵᠦ ᠡᠬᠢᠯᠡᠭᠰᠡᠨ ᠪᠠᠶᠢᠨ᠎ᠠ᠃1909 ᠣᠨ ᠬᠡᠬᠦ ᠳᠤ ᠬᠠᠮᠤᠭ ᠤᠨ ᠠᠩᠬᠠᠨ ᠤ ᠢᠪᠷᠠᠢ ᠬᠡᠯᠡᠳᠦ  ᠬᠤᠳᠠ ᠪᠣᠯᠬᠤ ᠲᠧᠯᠢ᠂ ᠠᠸᠢᠪ᠂ ᠪᠠᠶᠢᠭᠤᠯᠣᠭᠳᠠᠯ᠎ᠠ᠃1912 ᠣᠨ ᠳᠤ ᠢᠪᠷᠠᠢ ᠬᠡᠯᠡᠨ ᠤ ᠳᠡᠬᠡᠳᠦ ᠰᠣᠷᠭᠠᠭᠤᠯᠢ ᠪᠠᠶᠢᠭᠤᠯᠣᠭᠳᠠᠵᠦ᠂ ᠡᠨᠡᠬᠦ ᠰᠣᠷᠭᠠᠭᠤᠯᠢ ᠠᠴᠠ 2010 ᠣᠨ ᠳᠤ ᠢᠰᠷᠧᠯ ᠤᠨ ᠰᠢᠨᠵᠢᠯᠡᠬᠦ  ᠣᠬᠠᠭᠠᠨ ᠤ ᠰᠠᠯᠪᠣᠷᠢ ᠳᠠᠬᠢ ᠠᠩᠬᠠᠨ ᠤ ᠨᠣᠪᠧᠯ ᠤᠨ ᠱᠠᠩᠨᠠᠯᠳᠠᠨ ᠨᠤᠭᠤᠳ ᠲᠦᠷᠦᠭᠰᠡᠨ ᠪᠠᠶᠢᠨ᠎ᠠ᠃ ᠡᠶᠢᠨᠬᠦ  ᠳᠡᠯᠡᠬᠡᠢ ᠶᠢᠨ ᠬᠤᠶᠠᠳᠣᠭᠠᠷ ᠳᠠᠶᠢᠨ ᠳᠠᠭᠤᠰᠬᠤ ᠳᠤ ᠢᠪᠷᠠᠢ ᠬᠡᠯᠡ ᠢᠰᠷᠧᠯ ᠳᠤ ᠪᠠᠨ ᠡᠩ ᠤᠨ ᠶᠠᠷᠢᠶᠠᠨ ᠤ ᠬᠡᠯᠡ ᠪᠣᠯᠵᠦ ᠴᠢᠳᠠᠭᠰᠠᠨ ᠪᠠᠶᠢᠵᠠᠢ᠃ 1948 ᠣᠨ ᠤ 5 ᠰᠠᠷ᠎ᠠ ᠶᠢᠨ14 ᠳᠤ ᠢᠰᠷᠧᠯ ᠣᠯᠣᠰ ᠢ ᠳᠣᠩᠬᠠᠭᠯᠠᠬᠤ ᠳᠤ ᠢᠪᠷᠠᠢ ᠬᠡᠯᠡ ᠶᠢ ᠠᠯᠪᠠᠨ ᠶᠣᠰᠣᠨ ᠤ ᠬᠡᠯᠡ ᠪᠠᠷ ᠵᠠᠷᠯᠠᠪᠠ᠃          ᠵᠠᠭᠤᠬᠠᠨ ᠵᠢᠯ ᠤᠨ ᠡᠮᠦᠨ᠎ᠡ  ᠭᠠᠵᠠᠷ ᠤᠨ ᠳᠣᠣᠷ᠎ᠠ ᠣᠷᠣᠴᠢᠬᠠᠭᠰᠠᠨ ᠪᠠᠶᠢᠭᠰᠠᠨ ᠢᠪᠷᠠᠢ ᠬᠡᠯᠡ ᠡᠶᠢᠨᠬᠦ ᠡᠷᠴᠢ ᠪᠠᠨ ᠠᠪᠣᠨ ᠬᠦᠭᠵᠢᠭᠰᠡᠬᠡᠷ ᠪᠦᠭᠡᠳ ᠡᠷᠡᠨ ᠵᠠᠭᠤᠨ   ᠲᠠᠢ ᠪᠠᠨ ᠬᠦᠯ ᠨᠠᠶᠢᠯᠡᠬᠦᠯᠦᠨ ᠠᠯᠬᠤᠵᠦ ᠪᠠᠶᠢᠬᠤ ᠳᠤ ᠳᠡᠣᠬᠡ ᠶᠢᠨ ᠪᠦᠬᠦᠢ ᠯᠡ ᠴᠠᠭ ᠬᠤᠭᠤᠴᠠᠭᠠᠨ ᠳᠤ᠂ ᠮᠣᠩᠭᠤᠯ ᠳᠦᠮᠡᠨ ᠲᠠᠢ ᠪᠠᠨ ᠬᠠᠮᠳᠦ ᠪᠠᠶᠢᠭᠰᠠᠨ᠂ ᠰᠢᠨᠵᠢᠯᠡᠬᠦ  ᠣᠬᠠᠭᠠᠨ ᠤ ᠨᠣᠮ ᠰᠣᠷᠬᠤ ᠪᠢᠴᠢᠭ ᠢ ᠬᠡᠪᠯᠡᠭᠰᠡᠭᠡᠷ ᠢᠷᠡᠭᠰᠡᠨ᠂ ᠠᠮᠢᠳᠦ ᠠᠴᠠ ᠠᠮᠢᠳᠦ᠂ ᠳᠡᠷᠭᠡᠳᠠ ᠪᠠᠨ ᠪᠠᠶᠢᠭ᠎ᠠ ᠮᠣᠩᠭᠤᠯ ᠪᠢᠴᠢᠭ ᠢᠶᠠᠨ ᠲᠠ ᠪᠢᠳᠠ ᠰᠣᠷᠬᠤ ᠳᠤ ᠬᠡᠴᠡᠬᠦᠣ᠂ ᠳᠠᠭᠤᠳᠠᠯᠭ᠎ᠠ ᠪᠢᠴᠢᠯᠭᠡ ᠨᠢ ᠦᠬᠡᠷ᠎ᠡ᠂ ᠦᠭᠡ ᠶᠢᠨ ᠡᠴᠣᠰ ᠦᠭᠡᠷ᠎ᠡ ᠬᠡᠯᠪᠡᠷᠢᠳᠠᠢ ᠪᠣᠯᠴᠢᠬᠠᠳᠠᠭ᠂ ᠠᠩᠬᠡᠯᠢ᠂ ᠣᠷᠣᠰ ᠬᠡᠯᠡ ᠰᠣᠷᠬᠤ ᠳᠤ ᠳᠦᠬᠦᠮ ᠪᠣᠯᠬᠤ ᠦᠭᠡᠢ ᠬᠡᠰᠡᠨ ᠰᠢᠯᠳᠠᠭ ᠳᠣᠭᠠᠴᠢᠭᠠᠳ᠂ ᠦᠪᠡᠷᠰᠡᠳ ᠢᠶᠠᠨ ᠴᠦ ᠰᠣᠷᠬᠤ ᠦᠭᠡᠢ᠂  ᠰᠠᠶᠢᠬᠠᠨ ᠰᠣᠷᠣᠭᠠᠳ᠂ ᠠᠮᠢᠳᠦ ᠵᠢᠱᠢᠶ᠎ᠡ ᠪᠣᠯᠣᠭᠰᠠᠨ ᠦᠷ᠎ᠠ ᠬᠡᠣᠬᠡᠳ ᠢᠶᠠᠨ ᠴᠦ ᠳᠡᠮᠵᠢᠬᠦ ᠦᠭᠡᠢ ᠪᠠᠶᠢᠬᠤ ᠨᠢ ᠢᠴᠢᠬᠦᠷᠢᠳᠠᠢ᠂ ᠡᠮᠬᠡᠨᠢᠯᠳᠠᠢ ᠪᠢᠰᠢ ᠦᠦ᠂ ᠢᠪᠷᠠᠶᠢᠴᠣᠳ ᠪᠢᠳᠠᠨ  ᠰᠢᠭ ᠣᠬᠢᠯᠠᠭᠠᠳ ᠰᠠᠭᠤᠭᠰᠠᠨ ᠪᠣᠯ᠂ ᠬᠦᠬᠡᠷᠦᠬᠦᠢ ᠪᠧᠨ᠂ ᠶᠧᠬᠤᠳᠠ ᠶᠢᠨ ᠬᠦᠣ ᠶᠢ ᠭᠠᠭᠴᠠᠭᠠᠷ ᠢᠶᠠᠨ ᠢᠪᠷᠠᠢ ᠬᠡᠯᠡ ᠪᠠᠷ ᠶᠠᠷᠢᠭᠠᠳ ᠡᠬᠢᠯᠡᠬᠦ ᠳᠤ ᠨᠢ  ︽ ᠡᠨᠡ ᠬᠡᠣᠬᠡᠳ ᠳᠣᠷᠰᠢᠯᠳᠠ ᠶᠢᠨ ᠳᠠᠣᠯᠠᠢ ᠪᠣᠯᠴᠢᠬᠠᠯ᠎ᠠ︾᠂ ︽ ᠠᠷᠠᠢ ᠡᠷᠳᠡᠳᠡᠴᠢᠬᠡᠯ᠎ᠡ︾ ᠬᠡᠳ ᠳᠣᠭᠤᠬᠢᠯᠠᠭᠠᠳ ᠬᠡᠪᠳᠡᠭᠰᠡᠨ ᠪᠣᠯ᠂ ᠰᠢᠨᠵᠢᠯᠡᠬᠦ ᠣᠬᠠᠭᠠᠨ ᠳᠤ ᠭᠧᠷᠮᠠᠨ ᠬᠡᠯᠡ ᠨᠢ ᠢᠯᠡᠬᠦᠣ ᠳᠣᠬᠢᠷᠠᠨ᠎ᠠ ᠬᠡᠳ ᠭᠧᠷᠮᠠᠨ ᠬᠡᠯᠡ ᠶᠢ ᠰᠣᠩᠭᠤᠭᠰᠠᠨ ᠪᠣᠯ᠂ 1948 ᠣᠨ ᠳᠤ ᠳᠣᠰᠭᠠᠷ ᠣᠯᠣᠰ ᠪᠣᠯᠬᠤ ᠳᠤ ᠪᠠᠨ ᠬᠠᠷᠢ ᠬᠡᠯᠡ ᠪᠠᠷ ᠠᠯᠪᠠᠨ ᠶᠣᠰᠣᠨ ᠤ ᠬᠡᠯᠡ ᠪᠠᠨ ᠪᠣᠯᠭᠠᠬᠤ ᠪᠠᠶᠢᠭᠰᠠᠨ ᠪᠢᠵᠡ  ᠡ᠃                                                                                                                ᠡᠬᠢ ᠰᠣᠷᠪᠣᠯᠵᠢ  ᠄ ᠴᠢᠩᠬᠢᠰ ᠰᠦᠯᠵᠢᠶ᠎ᠡ
 
ᠢᠷᠡᠯᠲᠡ᠄ ᠡᠷᠢᠶᠡᠨ ᠬᠤᠳᠠ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号