ᠦᠪᠣᠷ ᠮᠣᠩᠭᠤᠯ
ᠨᠡᠶᠢᠲᠡᠯᠡᠭᠰᠡᠨ ᠴᠠᠭ᠄
2019/8/1
ᠦᠪᠣᠷ ᠮᠣᠩᠭᠤᠯ                                                 ᠴᠣᠣᠳᠠᠯ ᠤᠨ ᠬᠤᠯᠠᠨ ᠭᠠᠷ ᠤᠨ ᠠᠷᠦ᠂ ᠭᠠᠷ ᠤᠨ ᠠᠯᠠᠭ᠎ᠠ ᠬᠡᠵᠦ ᠪᠠᠶᠢᠳᠠᠭ ᠭᠠᠳᠠᠭᠠᠳᠦ ᠮᠣᠩᠭᠤᠯ᠂ ᠦᠪᠣᠷ ᠮᠣᠩᠭᠤᠯ ᠬᠡᠵᠦ ᠪᠠᠶᠢᠳᠠᠭ ᠭᠠᠭᠴᠠᠬᠠᠨ ᠠᠳᠬᠤᠨ ᠳᠤ ᠰᠢᠷᠣᠶᠢᠨ ᠳᠦᠮᠡ ᠶᠢ  ᠬᠤᠮᠢᠵᠦ ᠪᠣᠯᠳᠠᠭ ᠡ︕ ᠬᠠᠶᠢᠷᠠᠯᠠᠬᠤ ᠶᠢᠨ ᠠᠷᠣ᠂ ᠬᠠᠶᠢᠷᠠᠯᠠᠬᠤ ᠶᠢᠨ ᠦᠪᠣᠷ ᠬᠡᠵᠦ ᠪᠠᠶᠢᠳᠠᠭ ᠬᠠᠯᠬ᠎ᠠ ᠶᠢᠨ ᠮᠣᠩᠭᠤᠯ ᠬᠠᠷᠢ ᠶᠢᠨ ᠮᠣᠩᠭᠤᠯ ᠬᠡᠵᠦ ᠪᠠᠶᠢᠳᠠᠭ ᠮᠠᠩᠨᠠᠢ ᠳᠤ ᠪᠠᠨ ᠰᠠᠷᠠ ᠲᠠᠢ ᠠᠳᠣᠭᠤ  ᠰᠢᠭ᠋ ᠠᠯᠳᠠᠨ ᠰᠣᠶᠣᠩᠪᠤ ᠲᠠᠢ ᠮᠠᠨᠵᠦ ᠬᠦᠨᠵᠦ ᠶᠢᠨ ᠣᠶᠠᠭᠠᠨ ᠳᠡᠭᠡᠷ᠎ᠡ ᠦᠣᠷᠰᠠᠬᠦᠢ ᠠᠵᠢᠨᠠᠢ︕ ᠮᠠᠨᠠᠨ ᠬᠤᠪᠢᠶᠠᠵᠦ ᠬᠤᠴᠢᠳᠠᠭ ᠠᠶᠢᠯ ᠮᠢᠩᠭᠠᠨ ᠠᠭᠤᠯᠠ ᠨᠢ ᠮᠠᠨ ᠤ ᠳᠠᠨ ᠤ ᠨᠡᠬᠦᠳᠡᠯ ᠢᠶᠠᠨ ᠳᠣᠰᠣᠭᠠᠳ ᠪᠣᠰᠳᠠᠭ ᠬᠠᠩᠭᠠᠢ︕ ᠬᠠᠯᠠᠭᠤᠨ ᠵᠣᠪᠬᠢᠨ ᠳᠤ ᠬᠤᠷᠠᠯᠳᠣᠭᠰᠠᠨ ᠴᠦ ᠣᠨᠠᠭᠠᠵᠦ ᠪᠣᠯᠬᠤ ᠦᠭᠡᠢ ᠨᠢᠯᠪᠣᠰᠦ ᠦᠪᠣᠷ ᠮᠣᠩᠭᠤᠯ ᠬᠠᠭ ᠲᠠᠢ ᠵᠢᠯᠠᠪᠴᠢᠨ ᠳᠤ ᠢᠰᠦᠭᠰᠡᠨ ᠴᠦ ᠵᠠᠯᠬᠢᠵᠦ ᠪᠣᠯᠬᠤ ᠦᠭᠡᠢ ᠣᠮᠣᠭᠳᠦ ᠳᠠᠷᠠᠰᠦ ᠦᠪᠣᠷ ᠮᠣᠩᠭᠤᠯ ᠬᠠᠳᠠᠮᠯᠠᠭᠠᠳ ᠣᠳᠠᠭᠰᠠᠨ ᠴᠦ ᠳᠦᠷᠬᠦᠮ ᠢᠶᠠᠨ ᠰᠠᠨᠠᠬᠤ ᠬᠦᠮᠦᠨ ᠤ ᠦᠬᠢᠨ ᠦᠷ᠎ᠡ ᠦᠪᠣᠷ ᠮᠣᠩᠭᠤᠯ ᠬᠠᠷᠢ ᠳᠤ ᠨᠦᠬᠦᠴᠡᠯ᠎ᠡ ᠴᠦ ᠨᠣᠳᠤᠭ ᠲᠤ ᠪᠠᠨ ᠶᠠᠰᠦ ᠪᠠᠨ ᠳᠠᠶᠢᠬᠤ ᠰᠢᠯᠢ ᠶᠢᠨ ᠰᠠᠶᠢᠨ ᠡᠷ᠎ᠡ ᠦᠪᠣᠷ ᠮᠣᠩᠭᠤᠯ ᠦᠨᠳᠣᠷ ᠲᠤ ᠬᠠᠯᠢᠭᠠᠳ ᠡᠬᠦᠷ ᠲᠤ ᠪᠠᠨ ᠡᠷᠬᠢᠵᠦ ᠬᠠᠷᠢᠵᠦ ᠢᠷᠡᠭᠡ ᠦᠭᠡᠢ ᠬᠦᠷᠠᠩ ᠪᠦᠷᠬᠦᠳ ᠦᠮᠦᠷᠡᠭᠰᠡᠨ ᠭᠤᠨᠢᠭ᠂ ᠴᠦᠮᠦᠷᠠᠭᠰᠠᠨ ᠨᠣᠳᠤᠭ ᠦᠪᠣᠷ ᠮᠣᠩᠭᠤᠯ ᠦᠷᠦᠴᠡᠨ ᠠᠴᠠ ᠮᠢᠨᠢ ᠳᠠᠰᠣᠷᠠᠭᠰᠠᠨ ᠶᠢᠰᠦᠨ ᠬᠤᠰᠢᠭᠤ ᠡᠪᠣᠭᠡᠳ ᠠᠴᠠ ᠦᠯᠡᠳᠡᠭᠰᠡᠨ ᠦᠷᠦ᠂ ᠦᠨᠦᠴᠢᠷᠡᠭᠰᠡᠨ ᠬᠦᠮᠦᠨ ᠤ ᠳᠠᠭᠤᠣ ᠦᠪᠣᠷ ᠮᠣᠩᠭᠤᠯ ᠮᠢᠨᠢ ᠡ︕ ᠨᠡᠬᠦᠵᠦ ᠶᠠᠪᠣᠬᠤ ᠳᠤ ᠪᠠᠨ ᠣᠨᠠᠭᠠᠭᠰᠠᠨ ᠰᠢᠷᠭᠡᠭ ᠴᠠᠭᠠᠨ ᠰᠣᠪᠣᠳ ᠦᠪᠣᠷ ᠮᠣᠩᠭᠤᠯ ᠨᠢᠳᠦᠨ ᠤ ᠴᠡᠴᠡᠬᠡᠢ᠂ ᠠᠯᠳᠠᠨ ᠣᠷᠤᠭ ᠤᠨ ᠦᠷᠬᠦᠯᠵᠢᠯᠡᠯ ᠦᠪᠣᠷ  ᠮᠣᠩᠭᠤᠯ ᠡᠪᠣᠷ ᠠᠴᠠ ᠰᠣᠭᠤᠷᠠᠭᠰᠠᠨ ᠰᠠᠷᠠ ᠡᠮᠦᠨᠡᠳᠦ ᠠᠴᠠ ᠮᠠᠨᠳᠣᠭᠰᠠᠨ  ᠨᠠᠷᠠ ᠦᠪᠣᠷ ᠮᠣᠩᠭᠤᠯ ᠮᠢᠨᠢ  ᠡ︕ ᠢᠯᠳᠦᠨ ᠤ ᠢᠷ  ᠬᠡᠵᠦ ᠪᠠᠶᠢᠳᠠᠭ᠂ ᠢᠯᠳᠦᠨ ᠤ ᠮᠦᠷ ᠬᠡᠵᠦ ᠪᠠᠶᠢᠳᠠᠭ ᠢᠵᠢᠯᠬᠡᠨ ᠬᠤᠶᠠᠭᠤᠯᠠ ᠪᠠᠨ ᠨᠢᠭᠡᠨ ᠬᠤᠢ ᠳᠤ ᠪᠠᠭᠳᠠᠳᠠᠭ ᠶᠡᠭᠡ ᠮᠣᠩᠭᠤᠯ᠂ ᠪᠣᠳᠠᠷᠠᠭᠰᠠᠨ ᠮᠣᠩᠭᠤᠯ  ᠬᠡᠵᠦ  ᠪᠠᠶᠢᠳᠠᠭ ᠢᠷᠡᠭᠡᠳᠦᠢ ᠶᠢᠨ ᠪᠣᠱᠣᠭᠤ ᠳᠤ ᠪᠠᠨ ᠬᠠᠷᠢᠨ ᠬᠠᠮᠳᠦ ᠳᠤ ᠪᠠᠨ ᠪᠠᠶᠢᠵᠦ ᠪᠣᠯᠳᠠᠭ ᠡ︕                                                                                                          2013 ᠣᠨ
 
ᠢᠷᠡᠯᠲᠡ᠄ ᠡᠷᠢᠶᠡᠨ ᠬᠤᠲᠠ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号