ᠨᠤᠮ ᠤᠨ ᠵᠠᠩᠬᠢᠶ᠎ᠠ ᠲᠠᠶᠢᠯᠬᠤ ᠪᠠ ᠨᠤᠮ ᠪᠢᠲᠡᠬᠦᠯᠡᠬᠦ ᠶᠤᠰᠤ
ᠨᠡᠶᠢᠲᠡᠯᠡᠭᠰᠡᠨ ᠴᠠᠭ᠄
2019/9/12
ᠵᠠᠭᠤᠨ ᠪᠡᠯᠡᠭ ᠤᠨ ᠲᠡᠬᠡᠵᠢ ᠨᠤᠮ ᠤᠨ ᠪᠡᠯᠡᠭ ᠪᠤᠶᠤ᠃        ᠮᠤᠩᠭᠤᠯᠴᠤᠳ ᠡᠷᠳᠡ ᠲᠡᠬᠡᠳᠦ ᠠᠴᠠ ᠪᠠᠨ ᠨᠤᠮ ᠪᠢᠴᠢᠭ ᠢ ᠮᠠᠰᠢ ᠲᠡᠬᠡᠵᠢᠯᠡᠨ ᠬᠢᠮᠠᠭᠠᠳᠠᠨ ᠬᠠᠳᠠᠭᠠᠯᠠᠳᠠᠭ ᠪᠦᠬᠡᠳ ᠬᠠᠮᠤᠭ ᠤᠨ ᠡᠷᠬᠢᠮ ᠬᠦᠨᠳᠦᠳᠡᠢ ᠬᠦᠮᠦᠨ ᠳᠡᠭᠡᠨ ᠰᠠᠶ᠋ᠢ ᠨᠤᠮ ᠪᠢᠴᠢᠭ ᠬᠦᠷᠬᠡᠳᠡᠭ᠃ ᠬᠦᠮᠦᠰ ᠬᠤᠪᠤᠷ ᠦᠨᠡᠲᠦ ᠨᠤᠮ ᠢᠶᠠᠨ ᠲᠠᠪᠤᠨ ᠦᠩᠬᠡ ᠶᠢᠨ ᠲᠤᠷᠭᠠᠨ ᠤᠲᠠᠰᠤ ᠪᠠᠷ ᠵᠠᠩᠬᠢᠳᠴᠦ ᠬᠠᠲᠠᠭᠠᠯᠠᠳᠠᠭ ᠪᠦᠬᠡᠳ ᠨᠤᠮ ᠢᠶᠠᠨ ᠪᠤᠰᠤᠳ ᠲᠤ ᠬᠦᠷᠬᠡᠬᠦ ᠳᠡᠭᠡᠨ ᠵᠠᠩᠬᠢᠶ᠎ᠠ ᠶᠢ ᠨᠢ ᠲᠠᠶᠢᠯᠵᠦ ᠦᠭᠳᠡᠭ ᠵᠠᠩᠰᠢᠯ ᠲᠠᠢ᠃ ᠬᠡᠲᠡᠯ᠎ᠡ ᠤᠳᠤ ᠪᠤᠯᠬᠤ ᠳᠤ ᠡᠨᠡᠬᠦ ᠶᠤᠰᠤ ᠵᠠᠩᠰᠢᠯ ᠮᠡᠷᠳᠡᠬᠳᠠᠨ᠂ ︽ᠨᠤᠮ ᠤᠨ ᠬᠠᠲᠠᠭ ᠰᠡᠬᠦᠬᠦ︾᠂ ︽ᠨᠤᠮ ᠤᠨ ᠬᠠᠭᠤᠲᠠᠰᠤ︾ ᠰᠡᠬᠦᠬᠦ ᠬᠡᠬᠦ ᠮᠡᠲᠦ ᠶᠢᠨ ᠨᠡᠷ᠎ᠡ ᠲᠤᠮᠢᠶ᠎ᠡ ᠪᠠᠷ ᠤᠷᠤᠯᠠᠭᠳᠠᠬᠰᠠᠨ ᠪᠠᠶᠢᠨ᠎ᠠ᠃ ᠮᠤᠩᠭᠤᠯᠴᠤᠳ ᠲᠤ ᠪᠠᠰᠠ ᠪᠢᠳᠡᠬᠦᠨ ᠤ ᠡᠳᠦᠷ ᠬᠠᠳᠠᠭᠠᠯᠠᠬᠰᠠᠨ ᠨᠤᠮ ᠢᠶᠠᠨ ᠠᠷᠢᠭᠤᠳᠬᠠᠨ ᠨᠤᠮ ᠢᠶᠠᠨ ᠪᠢᠲᠡᠬᠦᠯᠡᠬᠦ ᠶᠤᠰᠤᠨ ᠪᠤᠢ᠃ ᠬᠡᠬᠦ ᠳᠡᠭᠡᠨ᠂ ᠡᠳᠡᠬᠡᠷ ᠶᠤᠰᠤ ᠵᠠᠩᠰᠢᠯ ᠢᠶᠠᠨ ᠠᠶᠢᠯ ᠡᠷᠦᠬᠡ᠂ ᠤᠪᠤᠭ ᠲᠦᠷᠦᠯ ᠤᠨ ᠲᠤᠲᠤᠷ᠎ᠠ ᠠᠴᠠ ᠬᠠᠮᠤᠭ ᠤᠨ ᠰᠢᠯᠤᠭᠤᠨ ᠰᠢᠲᠤᠷᠭᠤ ᠬᠦᠪᠡᠬᠦᠨ ᠳᠡᠭᠡᠨ ᠨᠢᠭᠤᠴᠠ ᠪᠠᠷ ᠤᠯᠠᠮᠵᠢᠯᠠᠲᠠᠭ ᠤᠴᠢᠷ ᠠᠴᠠ ᠡᠨᠡᠬᠦ ᠶᠤᠰᠤ ᠵᠠᠩᠰᠢᠯ ᠨᠡᠩ ᠴᠤ ᠮᠡᠷᠳᠡᠬᠳᠡᠨ ᠬᠡᠭᠡᠭᠳᠡᠬᠦ ᠳᠤ ᠬᠦᠷᠴᠡᠢ᠃ ᠲᠤᠰ ᠬᠤᠭᠤᠴᠠᠭ᠎ᠠ ᠪᠠᠷ᠂ ᠨᠤᠮ ᠤᠨ ᠵᠠᠩᠬᠢᠶ᠎ᠠ ᠲᠠᠶᠢᠯᠬᠤ ᠶᠤᠰᠤ ᠪᠤᠯᠤᠨ ᠨᠤᠮ ᠪᠢᠳᠡᠬᠦᠯᠡᠬᠦ ᠶᠤᠰᠤᠨ ᠤ ᠲᠡᠯᠬᠡᠷᠡᠩᠬᠦᠢ ᠠᠭᠤᠯᠭ᠎ᠠ ᠶᠢ ᠡᠷᠬᠢᠮ ᠤᠯᠠᠨ ᠤᠡᠭᠰᠢᠭᠴᠢᠳ ᠲᠠᠢ ᠪᠠᠨ ᠬᠤᠪᠢᠶᠠᠯᠴᠠᠵᠦ ᠪᠠᠶᠢᠨ᠎ᠠ᠃
   ᠪᠤᠬ᠎ᠠ ᠶᠢᠨ ᠰᠤᠷ ᠢᠶᠠᠷ ᠵᠠᠩᠬᠢᠳᠤᠭᠰᠠᠨ ᠨᠤᠮ         ᠮᠤᠩᠭᠤᠯᠴᠤᠳ ᠨᠤᠮ ᠰᠡᠶᠢᠷᠡᠬᠦᠯᠬᠦ ᠪᠤᠶᠤ ᠵᠤᠬᠢᠶᠠᠵᠤ ᠪᠢᠴᠢᠭᠰᠡᠨ ᠨᠤᠮ ᠢᠶᠠᠨ ᠪᠤᠰᠤᠳ ᠲᠤ ᠦᠭᠬᠦ ᠳᠡᠭᠡᠨ ᠵᠠᠩᠬᠢᠶ᠎ᠠ ᠶᠢ ᠨᠢ ᠲᠠᠶᠢᠯᠵᠤ ᠦᠭᠲᠡᠭ ᠶᠤᠰᠤᠨ ᠪᠤᠢ᠃ ᠬᠡᠷᠪᠡ ᠵᠠᠩᠬᠢᠶ᠎ᠠ ᠶᠢ ᠨᠢ ᠲᠠᠶᠢᠯᠬᠤ ᠦᠭᠡᠢ ᠦᠭᠪᠡᠯ ᠨᠤᠮ ᠢ ᠨᠢ ᠬᠡᠴᠢᠨᠡᠨ ᠤᠩᠰᠢᠭᠰᠠᠨ ᠴᠤ ᠵᠠᠩᠬᠢᠷᠠᠭᠠᠳ ᠶᠠᠪᠤᠭᠤᠷᠢ ᠦᠭᠡᠢ ᠪᠠᠶᠢᠲᠠᠭ ᠬᠡᠨ᠎ᠡ᠂ ᠵᠠᠩᠬᠢᠶ᠎ᠠ ᠶᠢ ᠨᠢ ᠲᠠᠶᠢᠯᠤᠭᠰᠠᠨ ᠦᠭᠡᠢ ᠨᠤᠮ ᠢ ᠮᠢᠩᠭ᠎ᠠ ᠤᠲᠠᠭ᠎ᠠ ᠤᠩᠰᠢᠪᠠᠯ ᠪᠠᠭ᠎ᠠ ᠰᠠᠭ᠎ᠠ ᠠᠴᠢ ᠲᠤᠰᠠ ᠭᠠᠷᠴᠤ᠂ ᠪᠤᠮ ᠤᠲᠠᠭ᠎ᠠ ᠤᠩᠰᠢᠪᠠᠯ ᠰᠠᠶ᠋ᠢ ᠬᠡᠷᠡᠭ ᠲᠤ ᠬᠦᠷᠲᠡᠭ ᠬᠡᠨ᠎ᠠ᠂ ᠡᠶᠢᠮᠦ ᠠᠴᠠ ︽ᠮᠢᠩᠭᠠᠨ ᠬᠠᠷᠢᠭᠤᠯᠭ᠎ᠠ︾ ᠬᠡᠲᠡᠭ ᠨᠢ ᠵᠠᠩᠭᠢᠶ᠎ᠠ ᠲᠠᠶᠢᠯᠤᠭᠰᠠᠨ ᠦᠭᠡᠢ ᠨᠤᠮ ᠢ ᠮᠢᠩᠭ᠎ᠠ ᠤᠲᠠᠭ᠎ᠠ ᠤᠩᠰᠢᠭᠰᠠᠨ ᠲᠠᠲᠤᠢ᠂ ᠬᠡᠷᠪᠡ ᠵᠠᠩᠬᠢᠶ᠎ᠠ ᠶᠢ ᠨᠢ ᠲᠠᠶᠢᠯᠪᠠᠯ ︽ᠲᠤᠤᠭᠠᠷᠤᠮᠠᠭᠴᠠ ᠲᠤᠰᠠᠯᠠᠵᠤ᠂ ᠠᠮᠠᠯᠠᠮᠠᠭᠴᠠ ᠠᠴᠢ ᠭᠠᠷᠲᠠᠭ︾ ᠪᠤᠯᠬᠤᠷ ᠠᠶᠢᠯ ᠡᠷᠦᠬᠡ᠂ ᠤᠪᠤᠭ ᠲᠦᠷᠦᠯ ᠤᠨ ᠲᠤᠲᠤᠷ᠎ᠠ ᠠᠴᠠ ᠬᠠᠮᠤᠭ ᠤᠨ ᠰᠢᠯᠤᠭᠤᠨ ᠰᠢᠲᠤᠷᠭᠤ ᠬᠦᠪᠡᠬᠦᠨ ᠳᠡᠭᠡᠨ ᠨᠢᠭᠤᠴᠠ ᠪᠠᠷ ᠤᠯᠠᠮᠵᠢᠯᠠᠲᠠᠭ ᠵᠠᠩᠰᠢᠯ ᠲᠠᠢ᠃        ᠦᠨᠡᠨ ᠳᠡᠭᠡᠨ᠂ ᠮᠤᠩᠭᠤᠯᠴᠤᠳ ᠨᠤᠮ ᠲᠠᠷᠬᠠᠭᠠᠵᠦ᠂ ᠪᠤᠰᠤᠳ ᠲᠤ ᠨᠤᠮ ᠦᠭᠬᠦ ᠳᠡᠭᠡᠨ ︽ᠨᠤᠮ ᠤᠨ ᠵᠠᠩᠬᠢᠶ᠎ᠠ︾ ᠶᠢ ᠨᠢ ᠲᠠᠶᠢᠯᠵᠤ ᠦᠭᠲᠡᠭ ᠲᠤᠰᠬᠠᠢ ᠵᠠᠩ ᠦᠢᠯᠡ ᠪᠤᠢ᠃ ᠬᠡᠲᠡᠯ᠎ᠡ ᠡᠨᠡᠬᠦ ᠶᠤᠰᠤ ᠵᠠᠩᠰᠢᠯ ᠮᠡᠷᠳᠡᠬᠳᠠᠨ᠂ ︽ᠨᠤᠮ ᠤᠨ ᠬᠠᠲᠠᠭ ᠰᠡᠬᠦᠬᠦ︾᠂ ︽ᠨᠤᠮ ᠤᠨ ᠬᠠᠭᠤᠲᠠᠰᠤ︾ ᠰᠡᠬᠦᠬᠦ ᠬᠡᠬᠦ ᠮᠡᠲᠦ ᠶᠢᠨ ᠨᠡᠷ᠎ᠡ ᠲᠤᠮᠢᠶ᠎ᠡ ᠪᠠᠷ ᠤᠷᠤᠯᠠᠭᠳᠠᠬᠰᠠᠨ ᠪᠠᠶᠢᠨ᠎ᠠ᠃    ᠨᠤᠮ ᠤᠨ ᠵᠠᠩᠬᠢᠶ᠎ᠠ ᠲᠠᠶᠢᠯᠬᠤ ᠶᠤᠰᠤ         ᠮᠤᠩᠭᠤᠯᠴᠤᠳ ᠤᠨ ᠨᠤᠮ ᠤᠨ ᠵᠠᠩᠬᠢᠶ᠎ᠠ ᠲᠠᠶᠢᠯᠬᠤ ᠶᠤᠰᠤ ᠨᠢ ᠦᠰᠦᠭ ᠪᠢᠴᠢᠭ ᠪᠠᠶᠢᠬᠤ ᠦᠬᠡᠢ ᠦᠶ᠎ᠡ ᠳᠤ ᠲᠡᠭᠡᠰᠤ ᠵᠠᠩᠭᠢᠳᠴᠤ ᠲᠡᠮᠲᠡᠭᠯᠡᠯ ᠬᠢᠲᠡᠭ ᠵᠠᠩᠰᠢᠯ ᠠᠴᠠ ᠤᠯᠠᠮᠵᠢᠯᠠᠵᠤ ᠢᠷᠡᠭᠰᠡᠨ ᠪᠤᠯᠤᠯᠲᠠᠢ᠂ ᠡᠶᠢᠮᠦ ᠠᠴᠠ ᠮᠤᠩᠭᠤᠯᠴᠤᠳ ᠦᠬᠡ ᠶᠠᠷᠢᠬᠤ ᠳᠠᠭᠠᠨ ᠵᠠᠩᠬᠢᠯᠠᠭ᠎ᠠ ᠶᠢ ᠨᠢ ᠠᠳᠬᠤᠵᠤ ᠶᠠᠷᠢᠨ᠎ᠠ᠂ ᠵᠤᠬᠢᠶᠠᠯ ᠪᠢᠴᠢᠬᠦ ᠳᠡᠭᠡᠨ ᠵᠠᠩᠬᠢᠯᠠᠭ᠎ᠠ ᠶᠢ ᠨᠢ ᠠᠳᠬᠤᠵᠤ ᠪᠢᠴᠢᠨ᠎ᠠ᠂ ᠠᠮᠢᠨ ᠰᠠᠬᠢᠶ᠎ᠠ ᠪᠤᠯᠭᠠᠵᠤ ᠵᠠᠩᠬᠢᠯᠠᠭ᠎ᠠ ᠵᠡᠬᠦᠨ᠎ᠡ᠂ ᠶᠠᠭᠤᠮ᠎ᠠ ᠦᠢᠯᠡᠳᠬᠦ ᠳᠡᠭᠡᠨ ᠵᠠᠩᠬᠢᠯᠠᠭ᠎ᠠ ᠶᠢ ᠨᠢ ᠠᠳᠬᠤᠵᠤ ᠬᠢᠨ᠎ᠡ ᠬᠡᠲᠡᠭ᠃ ᠪᠠᠰᠠ ᠮᠤᠩᠭᠤᠯ ᠬᠦᠮᠦᠨ ᠠᠶᠢᠯ ᠡᠷᠦᠬᠡ ᠳᠤ ᠤᠷᠤᠵᠤ ᠪᠡᠯᠡᠭ ᠰᠡᠯᠲᠡ ᠬᠦᠷᠬᠡᠬᠦ ᠳᠡᠭᠡᠨ ᠪᠦᠷ ᠪᠤᠭᠤᠯᠲᠠ ᠶᠢᠨ ᠵᠠᠩᠬᠢᠶ᠎ᠠ ᠶᠢ ᠨᠢ ᠲᠠᠶᠢᠯᠵᠤ ᠬᠦᠷᠬᠡᠲᠡᠭ ᠶᠤᠰᠤ ᠪᠤᠢ᠃ ᠡᠬᠦᠨ ᠲᠠᠢ ᠠᠳᠠᠯᠢ ᠪᠠᠷ᠂ ᠵᠠᠩᠬᠢᠯᠠᠭ᠎ᠠ ᠲᠠᠶᠢᠯᠤᠭᠰᠠᠨ ᠦᠭᠡᠢ ᠨᠤᠮ ᠢ ᠪᠤᠰᠤᠳ ᠲᠤ ᠬᠦᠷᠭᠡᠲᠡᠭ ᠦᠭᠡᠢ᠂ ᠮᠤᠩᠭᠤᠯᠴᠤᠳ ᠤᠨ ᠬᠤᠪᠤᠷ ᠦᠨᠡᠲᠦ ᠨᠤᠮ ᠢᠶᠠᠨ ᠪᠦᠷ ᠲᠠᠪᠤᠨ ᠦᠩᠬᠡ ᠶᠢᠨ ᠲᠤᠷᠭᠠᠨ ᠤᠲᠠᠰᠤ ᠪᠠᠷ ᠭᠤᠷᠪᠠᠨ ᠵᠠᠩᠬᠢᠯᠠᠭ᠎ᠠ ᠬᠦᠬᠡᠷᠬᠡᠢ ᠵᠠᠩᠬᠢᠳᠴᠤ ᠲᠤᠭᠤᠮᠴᠢ ᠶᠢ ᠨᠢ ᠨᠤᠮ ᠤᠨ ᠲᠤᠯᠤᠭᠠᠢ ᠲᠠᠯ᠎ᠠ ᠳᠤᠨᠢ ᠲᠠᠭᠠᠷᠠᠭᠤᠯᠤᠨ ᠬᠠᠲᠠᠭᠠᠯᠠᠵᠤ ᠪᠠᠶᠢᠲᠠᠭ᠂ ᠨᠤᠮ ᠢᠶᠠᠨ ᠪᠤᠰᠤᠳ ᠲᠤ ᠬᠦᠷᠬᠡᠬᠦ ᠳᠡᠭᠡᠨ ᠪᠠᠷᠠᠭᠤᠨ ᠬᠤᠶᠢᠰᠢ ᠬᠠᠨᠳᠤᠨ ᠵᠤᠭᠰᠤᠵᠤ᠂ ᠨᠤᠮ ᠤᠨ ᠬᠠᠨ ᠪᠠᠪᠠᠢ ᠲᠡᠭᠷᠢ ᠶᠢᠨ ᠵᠠᠷᠯᠢᠭ ᠤᠨ ᠦᠴᠢᠭ ᠦᠴᠢᠵᠤ ︽ᠰᠠᠷ︕ ᠰᠠᠷ︕ ᠰᠠᠷ︕︾ ᠬᠡᠵᠤ ᠲᠡᠭᠷᠢ ᠦᠭᠡᠳᠠ ᠠᠷᠢᠬᠢ ᠰᠠᠷᠬᠤᠳ ᠢ ᠰᠠᠴᠤᠯᠬᠢᠯᠠᠠ ᠵᠠᠩᠬᠢᠶ᠎ᠠ ᠶᠢ ᠨᠢ ᠲᠠᠶᠢᠯᠵᠤ ᠬᠦᠷᠭᠡᠲᠡᠭ ᠶᠤᠰᠤ ᠪᠤᠢ᠃ ᠬᠡᠷᠪᠡ ᠵᠠᠩᠬᠢᠶ᠎ᠠ ᠶᠢ ᠨᠢ ᠲᠠᠶᠢᠯᠤᠭᠰᠠᠨ ᠦᠭᠡᠢ ᠨᠤᠮ ᠢ ᠪᠤᠰᠤᠳ ᠲᠤ ᠬᠦᠷᠬᠡᠪᠡᠯ ᠵᠠᠩᠬᠢᠷᠠᠭᠠᠳ ᠨᠤᠮ ᠤᠨ ᠬᠦᠴᠤᠨ ᠨᠢ ᠶᠠᠪᠤᠭᠤᠷᠢ ᠦᠭᠡᠢ ᠪᠠᠶᠢᠵᠦ᠂ ᠤᠩᠰᠢᠭᠴᠢ ᠪᠠᠷ ᠮᠡᠬᠦᠰᠲᠡᠬᠦ ᠪᠤᠶᠤ ᠤᠩᠰᠢᠭᠰᠠᠨ ᠴᠤ ᠠᠴᠢ ᠲᠤᠰᠠ ᠭᠠᠷᠲᠠᠭ ᠦᠭᠡᠢ ᠬᠡᠲᠡᠭ᠃ ᠨᠤᠮ ᠤᠨ ᠵᠠᠩᠬᠢᠶ᠎ᠠ ᠲᠠᠶᠢᠯᠬᠤ ᠳᠤ ᠪᠠᠰᠠ ᠡᠲᠦᠷ᠂ ᠴᠠᠭ ᠢ ᠶᠡᠭᠡ ᠨᠠᠷᠢᠯᠢᠭ ᠰᠤᠩᠭᠤᠵᠤ ᠦᠢᠯᠡᠲᠤᠲᠡᠭ ᠵᠤᠷᠰᠢᠯ ᠲᠠᠢ᠃ ᠡᠨᠡ ᠨᠢ ᠲᠠᠷᠤᠢ ᠵᠢᠷᠤᠬᠠᠢ ᠶᠢᠨ ᠠᠷᠪᠠᠨ ᠬᠤᠶᠠᠷ ᠡᠵᠡᠨ ᠤ ᠨᠡᠬᠡᠬᠡᠭᠴᠢ᠂ ᠡᠪᠲᠡᠭᠴᠢ᠂ ᠲᠦᠬᠦᠷᠤᠭ᠍ᠴᠢ ᠂ ᠲᠦᠪᠰᠢᠳᠬᠡᠭᠴᠢ ᠵᠡᠷᠭᠡ ᠲᠦᠷᠪᠡᠨ ᠡᠵᠡᠨ ᠢ ᠰᠤᠩᠭᠤᠵᠤ᠂ ᠷᠤᠬᠢᠨᠠᠢ᠂ ᠪᠦᠷᠨᠢᠸᠠᠰᠤ᠂ ᠪᠦᠷᠸᠠᠰᠠᠳ᠂ ᠰᠢᠲᠢᠪᠢᠰ ᠵᠡᠷᠭᠡ ᠬᠡᠰᠢᠭ ᠤᠨ ᠲᠦᠷᠪᠡᠨ ᠤᠲᠤ ᠲᠠᠢ ᠲᠤᠬᠢᠶᠠᠯᠲᠤᠭᠤᠯᠤᠨ ᠨᠤᠮ ᠤᠨ ᠵᠠᠩᠬᠢᠶ᠎ᠠ ᠲᠠᠶᠢᠯᠬᠤ ᠦᠢᠯᠠ ᠶᠢ ᠦᠢᠯᠡᠲᠤᠨ᠎ᠠ᠃ ᠬᠡᠬᠦ ᠳᠡᠭᠡᠨ ᠠᠷᠢᠭᠤᠨ ᠴᠡᠪᠡᠷ ᠢ ᠡᠷᠬᠢᠮᠯᠠᠨ᠎ᠠ᠃ ᠠᠷᠢᠭᠤᠳᠬᠠᠯ ᠨᠢ ᠨᠤᠮ ᠪᠢᠲᠡᠬᠦᠯᠡᠬᠦ ᠠᠷᠢᠭᠤᠳᠬᠠᠯ ᠲᠠᠢ ᠠᠳᠠᠯᠢ᠃ ᠮᠤᠩᠭᠤᠯᠴᠤᠳ ᠤᠨ ᠨᠤᠮ ᠤᠨ ᠵᠠᠩᠬᠢᠶ᠎ᠠ ᠲᠠᠶᠢᠯᠬᠤ ᠶᠤᠰᠤ ᠪᠤᠯ ᠠᠯᠢᠪᠠ ᠨᠤᠮᠯᠠᠯ ᠢ ᠮᠠᠰᠢ ᠶᠡᠭᠡ ᠶᠠᠪᠤᠭᠤᠷᠢ ᠲᠠᠢ ᠪᠤᠯᠭᠠᠵᠤ ᠷᠢᠳᠢ ᠰᠢᠳᠢ ᠤᠷᠤᠭᠤᠯᠲᠠᠭ᠃ ᠨᠤᠮ ᠪᠢᠲᠡᠬᠦᠯᠡᠬᠦ ᠶᠤᠰᠤ         ᠨᠤᠮ ᠪᠢᠲᠡᠬᠦᠯᠡᠬᠦ ᠶᠤᠰᠤ ᠨᠢ ᠤᠯᠠᠩᠬᠢ ᠳᠠᠭᠠᠨ ᠤᠷᠲᠤᠰ ᠲᠤᠭᠠᠯᠠᠯ ᠤᠨ ᠦᠬᠡᠯᠵᠢᠨ ᠰᠠᠷ᠎ᠠ ᠶᠢᠨ ᠬᠤᠷᠢ ᠶᠢᠰᠦᠨ ᠪᠤᠶᠤ ᠪᠢᠲᠡᠬᠦᠨ ᠳᠤ ᠶᠠᠪᠤᠭᠲᠠᠲᠠᠭ᠃ ᠬᠡᠪᠡᠴᠤ ᠨᠤᠮ ᠵᠤᠬᠢᠶᠠᠵᠤ ᠲᠡᠬᠦᠰᠬᠦ ᠪᠤᠶᠤ ᠶᠠᠮᠠᠷ ᠨᠢᠬᠡᠨ ᠲᠠᠷᠨᠢ ᠪᠦᠲᠦᠬᠡᠬᠦ ᠳᠡᠭᠡᠨ ᠪᠤᠰᠤᠳ ᠲᠤᠬᠢᠷᠠᠮᠵᠢᠲᠠᠢ ᠴᠠᠭ ᠢ ᠴᠤ ᠰᠤᠩᠭᠤᠵᠤ ᠪᠦᠲᠦᠬᠡᠲᠡᠭ᠂ ᠡᠨᠡ ᠬᠦ ᠡᠲᠦᠷ ᠴᠠᠭ ᠨᠢ ᠵᠢᠷᠤᠬᠠᠢ ᠶᠢᠨ ᠠᠷᠪᠠᠨ ᠬᠤᠶᠠᠷ ᠡᠵᠡᠨ ᠠᠴᠠ ᠡᠵᠡᠯᠡᠭᠴᠢ᠂ ᠲᠤᠭᠲᠠᠭᠴᠢ᠂ ᠰᠠᠬᠢᠭᠴᠢ᠂ ᠪᠦᠲᠦᠬᠡᠭᠴᠢ᠂ ᠬᠤᠷᠢᠶᠠᠭᠴᠢ ᠶᠢ ᠰᠤᠩᠭᠤᠨ᠂ ᠪᠦᠲᠦᠬᠡᠬᠦ ᠶᠢᠨ ᠲᠦᠷᠪᠡᠨ ᠤᠲᠤ ᠠᠴᠠ ᠪᠦᠰ᠂ ᠤᠳᠠᠷᠰᠠᠳ᠂ ᠰᠤᠸᠠᠳᠢ᠂ ᠷᠠᠸᠠᠳᠢ ᠵᠡᠷᠭᠡ ᠲᠠᠢ ᠲᠤᠬᠢᠶᠠᠯᠲᠤᠭᠤᠯᠤᠨ ᠡᠲᠦᠷ ᠰᠤᠩᠭᠤᠵᠤ ᠦᠢᠯᠡᠲᠤᠨ᠎ᠠ᠃ ᠭᠡᠬᠦ ᠳᠡᠭᠡᠨ᠂ ᠨᠤᠮ ᠤᠨ ᠵᠠᠩᠬᠢᠶ᠎ᠠ ᠲᠠᠶᠢᠯᠬᠤ ᠪᠤᠯᠤᠨ ᠨᠤᠮ ᠪᠢᠳᠡᠬᠦᠯᠡᠬᠦ ᠶᠤᠰᠤ ᠶᠢ ᠬᠤᠳᠬᠤᠯᠳᠤᠭᠤᠯᠤᠨ ᠦᠢᠯᠠᠳᠬᠦ ᠶᠢ ᠡᠷᠡᠰ ᠴᠠᠭᠡᠷᠯᠡᠬᠦ ᠭᠡᠷᠡᠭᠳᠠᠢ᠃
       ᠬᠤᠨᠢᠨ ᠴᠠᠭᠠᠰᠤ ᠪᠠᠷ ᠯᠤᠮᠪᠤᠳᠠᠭᠰᠠᠨ ᠭᠤᠷᠪᠠᠨ ᠵᠠᠩᠬᠢᠶᠠᠲᠤ ᠨᠤᠮ           ᠨᠤᠮ ᠪᠢᠲᠡᠬᠦᠯᠡᠬᠦ ᠳᠤ᠂ ᠶᠠᠭᠤᠨ ᠤ ᠡᠮᠦᠨ᠎ᠡ ᠲᠤᠰᠬᠠᠢ ᠤᠲᠤᠯᠭ᠎ᠠ ᠪᠠᠷ ᠤᠲᠤᠵᠤ ᠨᠤᠮ ᠢᠶᠠᠨ ᠠᠷᠢᠭᠤᠳᠬᠠᠨ᠎ᠠ᠂ ᠡᠨᠡ ᠬᠦ ᠤᠲᠤᠯᠭ᠎ᠠ ᠨᠢ ᠲᠤᠯᠤᠭᠠᠨ ᠵᠦᠢᠯ ᠤᠨ ᠰᠢᠲᠢᠲᠤ ᠡᠮ ᠲᠡᠭᠡᠷ᠎ᠡ ᠰᠢᠬᠢᠷ ᠪᠤᠯᠤᠨ ᠦᠨᠡᠬᠡᠨ ᠤ ᠨᠤᠮ ᠠᠷᠢᠭᠤᠳᠬᠠᠭᠴᠢ ᠶᠢ ᠨᠡᠮᠡᠷᠢᠯᠡᠵᠤ ᠲᠠᠯᠬᠠᠯᠠᠭᠠᠳ ᠨᠢᠭᠤᠴᠠ ᠰᠢᠪᠰᠢᠯᠬᠡ ᠰᠢᠪᠰᠢᠵᠤ ᠤᠲᠤᠨ᠎ᠠ᠃ ᠡᠬᠦᠨ ᠤ ᠲᠠᠷᠠᠭ᠎ᠠ ︽ᠨᠤᠮ ᠤᠨ ᠬᠠᠨ ᠪᠠᠪᠠᠢ ᠲᠡᠭᠷᠢ︾ ᠶᠢ ᠲᠠᠭᠤᠲᠠᠵᠤ ᠤᠷᠤᠰᠢᠭᠤᠯᠤᠨ᠂ ︽ᠨᠤᠮ ᠤᠨ ᠬᠠᠨ ᠤ ᠵᠠᠷᠯᠢᠭ ᠤᠨ ᠦᠴᠢᠭ︾ ᠦᠴᠢᠵᠤ ᠪᠠᠭᠤᠮᠠᠯ ᠪᠠᠭᠤᠯᠭᠠᠵᠤ ᠠᠴᠤᠭ ᠪᠤᠯᠭᠠᠨ ᠢ ᠠᠮᠢᠯᠠᠨ ᠠᠷᠠᠭ᠎ᠠ ᠪᠦᠷᠢ ᠶᠢ ᠨᠢ ᠬᠤᠷᠴᠠᠯᠠᠨ ᠰᠢᠳᠢ ᠤᠷᠤᠭᠤᠯᠵᠤ ᠬᠠᠪᠲᠠᠰᠤᠯᠠᠭᠠᠳ ᠲᠠᠪᠤᠨ ᠦᠩᠬᠡ ᠶᠢᠨ ᠲᠤᠷᠭᠠᠨ ᠤᠲᠠᠰᠤ ᠪᠠᠷ ᠭᠤᠷᠪᠠᠨ ᠪᠦᠰᠡᠯᠡᠬᠦᠷ ᠤᠷᠤᠭᠤᠯᠵᠤ ᠲᠤᠭᠤᠮᠴᠢᠯᠠᠨ ᠵᠠᠩᠬᠢᠳᠴᠤ᠂ ᠲᠤᠭᠤᠮᠴᠢ ᠶᠢᠨ ᠰᠡᠨᠵᠢ ᠶᠢ ᠨᠢ ᠨᠤᠮ ᠤᠨ ᠲᠤᠯᠤᠭᠠᠢ ᠲᠠᠢ ᠲᠠᠭᠠᠷᠠᠭᠤᠯᠤᠨ ᠰᠦᠪᠡᠭᠴᠢ ᠶᠢ ᠨᠢ ᠬᠤᠨᠢᠨ ᠴᠠᠭᠠᠰᠤ ᠶᠢᠨ ᠨᠠᠷᠢᠨ ᠵᠦᠰᠦᠮᠡᠯ ᠢᠶᠠᠷ ᠯᠤᠮᠪᠤᠳᠠᠨ᠎ᠠ᠃ ᠢᠩᠬᠢᠬᠡᠳ ᠲᠠᠬᠢᠯᠭ᠎ᠠ ᠶᠢᠨ ᠰᠢᠷᠡᠭᠡ ᠲᠡᠭᠡᠷ᠎ᠡ ᠲᠠᠯᠪᠢᠵᠤ᠂ ᠬᠦᠬᠡ ᠪᠤᠶᠤ ᠴᠠᠭᠠᠨ ᠪᠦᠰ ᠲᠡᠭᠡᠷ᠎ᠡ ︽ᠨᠤᠮ ᠤᠨ ᠬᠠᠨ ᠤ ᠵᠠᠷᠯᠢᠭᠲᠤ᠂ ᠨᠤᠮᠯᠠᠯ ᠤᠨ ᠶᠡᠭᠡ ᠰᠢᠳᠢᠲᠤ᠂ ᠨᠤᠮ ᠤᠨ ᠶᠡᠭᠡ ᠠᠴᠢᠳᠤ᠂ ᠨᠤᠮᠯᠠᠯ ᠤᠨ ᠶᠡᠭᠡ ᠬᠦᠴᠦ ᠤᠷᠤᠰᠢᠬᠤ ᠪᠤᠯᠲᠤᠭᠠᠢ︕︾ ᠬᠡᠵᠤ ᠪᠢᠴᠢᠬᠡᠳ ᠪᠦᠲᠡᠬᠡᠵᠤ ᠬᠦᠵᠢ ᠵᠤᠯᠠ ᠡᠷᠬᠦᠵᠤ ᠮᠦᠷᠬᠦᠨ ᠲᠠᠬᠢᠲᠠᠭ᠃        ᠰᠢᠨ᠎ᠡ ᠶᠢᠨ ᠭᠤᠷᠪᠠᠨ ᠳᠤ ᠨᠤᠮ ᠤᠨ ᠡᠮᠦᠨ᠎ᠡ ᠪᠠᠷᠠᠭᠤᠨ ᠬᠤᠶᠢᠰᠢ ᠬᠠᠨᠲᠤᠨ ᠰᠦᠬᠦᠳᠴᠤ ︽ᠡᠴᠢᠬᠡ ᠲᠡᠭᠷᠢ ᠦᠷᠦᠰᠢᠶᠡᠵᠤ᠂ ᠲᠤᠭᠰᠢᠨ ᠨᠤᠮᠤᠬᠠᠨ ᠰᠠᠬᠢᠭᠤᠯᠰᠤ ᠪᠠᠷ ᠨᠢᠬᠡᠨ ᠭᠠᠷ ᠤᠨ ᠬᠦᠴᠦᠨ ᠦᠭᠬᠦᠭᠦᠯᠬᠦ ᠪᠤᠯᠪᠠᠤ︖ ︾ ᠬᠡᠵᠤ ᠭᠤᠷᠪᠠᠨᠲᠠ ᠲᠠᠭᠠᠳᠬᠠᠨ᠎ᠠ᠃ ᠡᠬᠦᠨ ᠤ ᠲᠠᠷᠠᠭ᠎ᠠ ᠨᠤᠮ ᠤᠨ ᠵᠠᠩᠬᠢᠶ᠎ᠠ ᠶᠢ ᠲᠠᠶᠢᠯᠵᠤ᠂ ᠬᠡᠲᠤᠨ ᠱᠠᠳ ᠤᠩᠰᠢᠭᠠᠳ ᠲᠦᠷᠪᠡᠨ ᠵᠦᠭ ᠲᠤ ᠨᠤᠮ ᠢᠶᠠᠨ ᠰᠡᠪᠡᠨ᠎ᠡ᠃ ᠡᠨᠡ ᠮᠡᠲᠦ ᠨᠤᠮ ᠤᠨ ᠢᠶᠠᠨ ᠵᠠᠩᠬᠢᠶ᠎ᠠ ᠶᠢ ᠲᠠᠶᠢᠯᠵᠤ ᠦᠢᠯᠡᠳᠦᠭᠰᠡᠨ ᠠᠯᠢᠪᠠ ᠬᠠᠷᠢᠶᠠᠯ ᠢᠷᠦᠬᠡᠯ᠂ ᠬᠠᠷᠢᠭᠤᠯᠭ᠎ᠠ ᠶᠢᠨ ᠨᠤᠮ ᠠᠮᠠᠯᠠᠮᠠᠭᠴᠠ ᠠᠴᠢ ᠭᠠᠷᠴᠤ᠂ ᠲᠤᠷᠠᠲᠤᠮᠠᠭᠴᠠ ᠲᠤᠰᠠᠯᠠᠨ᠎ᠠ᠃       ᠨᠤᠮ ᠤᠨ ᠴᠠᠭᠠᠨ ᠪᠤᠶᠠᠨ ᠲᠡᠯᠬᠡᠷᠡᠬᠦ ᠪᠤᠯᠲᠤᠭᠠᠢ︕
 
ᠢᠷᠡᠯᠲᠡ᠄ ᠡᠷᠢᠶᠡᠨ ᠬᠤᠲᠠ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号