ᠢᠷᠦᠬᠡᠯ ᠳᠠᠯᠪᠢᠬᠤ ᠶᠣᠰᠣᠨ
ᠨᠡᠶᠢᠲᠡᠯᠡᠭᠰᠡᠨ ᠴᠠᠭ᠄
2020/1/13
ᠨᠠᠰᠣᠨ ᠦᠨᠳᠦᠷ  ᠠᠬᠠᠮᠠᠳ ᠡᠷᠡᠭᠳᠠᠶᠢᠴᠣᠳ ᠢᠶᠠᠷ  ᠢᠷᠦᠬᠡᠯ ᠳᠠᠯᠪᠢᠭᠤᠯᠣᠨ᠎ᠠ          ᠢᠷᠦᠬᠡᠯ ᠬᠠᠶᠢᠷᠠᠯᠠᠵᠦ ᠪᠠᠶᠢᠭ᠎ᠠ ᠬᠦᠮᠦᠨ ᠤ ᠨᠠᠰᠣᠨ ᠰᠡᠬᠦᠳᠡᠷ ᠬᠡᠳᠦᠢ ᠦᠨᠳᠣᠷ ᠪᠠᠶᠢᠪᠠᠯ ᠳᠡᠳᠦᠢ ᠰᠠᠶᠢᠨ ᠬᠡᠵᠦ ᠦᠵᠡᠳᠡᠭ᠃ ᠣᠴᠢᠷ ᠨᠢ ᠨᠠᠰᠣᠳᠠᠢ ᠬᠦᠮᠦᠨ ᠢᠶᠠᠷ ᠢᠷᠦᠬᠡᠯ ᠬᠠᠶᠢᠷᠠᠯᠠᠭᠤᠯᠪᠠᠯ ᠰᠢᠨ᠎ᠡ ᠬᠦᠪᠡᠬᠦᠨ ᠬᠡᠣᠬᠡᠨ ᠤ᠂ ᠳᠡᠬᠦᠨᠴᠢᠯᠡᠨ ᠳᠡᠳᠡᠨ ᠠᠴᠠ ᠭᠠᠷᠣᠭᠰᠠᠨ ᠦᠷ᠎ᠡ ᠬᠡᠣᠬᠡᠳ ᠨᠠᠰᠦ ᠨᠢ ᠢᠷᠦᠬᠡᠯ ᠬᠠᠶᠢᠷᠠᠯᠠᠵᠦ ᠪᠠᠶᠢᠭ᠎ᠠ ᠬᠦᠮᠦᠨ ᠲᠠᠢ ᠠᠳᠠᠯᠢᠬᠠᠨ ᠣᠷᠳᠦ ᠪᠣᠯᠣᠨ᠎ᠠ ᠬᠡᠰᠡᠨ ᠳᠠᠨᠢᠯᠳᠠ ᠲᠠᠢ᠃ ᠪᠠᠰᠠ ᠢᠷᠦᠬᠡᠭᠴᠢ ᠠᠴᠠ ᠢᠷᠦᠬᠡᠯ ᠤᠨ ᠠᠳᠠᠭ ᠲᠤ  ︽ ᠪᠠᠭᠠᠳᠣᠷ ᠠᠪᠤ ᠶᠢᠨ ᠪᠠᠭᠤᠷᠢ ᠳᠤ ᠪᠠᠭᠤᠵᠦ᠂ ᠪᠠᠶᠠᠨ ᠡᠵᠢ ᠶᠢᠨ ᠢᠶᠠᠨ ᠰᠠᠭᠤᠷᠢ ᠳᠤ ᠰᠠᠭᠤᠵᠦ᠂ ᠮᠢᠨᠦ ᠨᠠᠰᠣᠨ ᠳᠤ ᠬᠦᠷᠴᠦ᠂ ᠣᠷᠳᠦ ᠨᠠᠰᠣᠯᠠᠵᠦ ᠣᠳᠠᠭᠠᠨ ᠵᠢᠷᠭ᠎ᠠ︾ ᠬᠡᠵᠦ ᠳᠡᠬᠦᠰᠭᠡᠳᠡᠭ   ᠵᠠᠩᠰᠢᠯ ᠲᠠᠢ᠃ ᠢᠷᠦᠬᠡᠭᠴᠢ ᠵᠠᠪᠠᠯ ᠡᠷᠡᠭᠳᠠᠢ ᠬᠦᠮᠦᠨ ᠪᠠᠶᠢᠬᠤ ᠶᠢᠨ ᠣᠴᠢᠷ ᠨᠢ᠂ ᠬᠡᠷᠪᠡ ᠡᠮᠡᠭᠳᠠᠢ ᠬᠦᠮᠦᠨ ᠢᠷᠦᠬᠡᠯ ᠳᠠᠯᠪᠢᠪᠡᠯ᠂ ᠢᠯᠠᠩᠭᠤᠶ᠎ᠠ ᠬᠡᠷ ᠤᠨ ᠢᠷᠦᠬᠡᠯ ᠰᠢᠭ ᠡᠶᠢᠮᠦᠷᠬᠦ ᠴᠢᠬᠤᠯᠠ ᠬᠦᠨᠳᠦᠳᠬᠡᠯ ᠤᠨ ᠰᠢᠨᠵᠢ ᠲᠠᠢ ᠢᠷᠦᠬᠡᠯ ᠳᠠᠯᠪᠢᠪᠡᠯ ᠡᠷ᠎ᠡ ᠬᠦᠢᠰᠣᠳᠡᠨ ᠤ ᠬᠡᠰᠢᠭ ᠪᠣᠶᠠᠨ ᠨᠢ ᠬᠠᠷᠢᠵᠦ᠂ ᠬᠡᠶᠢᠮᠣᠷᠢ ᠨᠢ ᠬᠡᠪᠳᠡᠨ᠎ᠡ ᠬᠡᠳᠡᠭ᠃ ᠡᠨᠡ ᠦᠵᠡᠯᠳᠠ ᠨᠢ ᠣᠯᠠᠩᠬᠢ ᠨᠦᠬᠦᠴᠡᠯ ᠳᠤ ᠮᠣᠩᠭᠤᠯ ᠪᠦᠰᠡᠬᠦᠢ ᠳᠠᠬᠢᠯᠭ᠎ᠠ ᠪᠣᠶᠣ ᠣᠷᠣᠰᠢᠭᠤᠯᠭ᠎ᠠ ᠳᠤ ᠣᠳᠳᠠᠭ ᠦᠭᠡᠢ ᠵᠠᠩ ᠵᠠᠩᠰᠢᠯ ᠲᠠᠢ ᠶᠡᠷᠦᠩᠬᠡᠢ ᠳᠡᠭᠡᠨ ᠠᠳᠠᠯᠢᠬᠠᠨ ᠪᠠᠶᠢᠨ᠎ᠠ᠃ ᠳᠡᠶᠢᠮᠦ ᠠᠴᠠ ᠡᠮᠡᠭᠳᠠᠢ ᠬᠦᠮᠦᠨ ᠢᠷᠦᠬᠡᠯ ᠳᠠᠯᠪᠢᠪᠠᠯ ᠮᠠᠭᠤ ᠢᠷᠸ᠎ᠠ ᠪᠣᠯᠣᠨ᠎ᠠ  ᠬᠡᠵᠦ ᠦᠵᠡᠳᠡᠭ᠃ ᠬᠡᠷᠯᠡᠭᠰᠡᠨ ᠪᠦᠭᠡᠳ ᠦᠷ᠎ᠡ ᠠᠴᠢᠨᠠᠷ ᠲᠠᠢ ᠬᠦᠮᠦᠨ ᠢᠶᠠᠷ ᠢᠷᠦᠬᠡᠯ ᠳᠠᠯᠪᠢᠭᠤᠯᠣᠨ᠎ᠠ           ᠬᠤᠷᠢᠮ ᠢ ᠮᠠᠨ ᠤ ᠬᠢᠨ ᠬᠦᠪᠡᠬᠦᠨ ᠬᠡᠣᠬᠡᠨ   ᠢᠶᠠᠨ ᠬᠦᠮᠦᠨ ᠬᠢᠨ᠎ᠡ᠂ ᠡᠰᠡᠬᠦᠯ᠎ᠡ ᠬᠦᠮᠦᠨ ᠪᠣᠯᠭᠠᠨ᠎ᠠ ᠬᠡᠵᠦ ᠵᠠᠩᠬᠢᠯ ᠬᠡᠯᠡᠳᠡᠭ᠃ ᠳᠡᠷᠡᠴᠢᠯᠡᠨ ᠬᠤᠷᠢᠮ ᠬᠢᠭᠰᠡᠨ ᠬᠦᠪᠡᠬᠦᠨ ᠬᠡᠣᠬᠡᠨ ᠢ ᠪᠠᠨ ᠬᠦᠮᠦᠨ ᠪᠣᠯᠪᠠ ᠬᠡᠮᠡᠨ ᠬᠡᠯᠡᠳᠡᠭ ᠃ ᠬᠡᠷᠪᠡ ᠡᠬᠦᠨ ᠢᠶᠠᠷ ᠮᠦᠷᠳᠡᠨ ᠦᠵᠡᠪᠡᠯ ᠬᠤᠷᠢᠮ ᠬᠢᠭᠰᠡᠳ ᠢ ᠵᠢᠩᠬᠢᠨᠢ ᠬᠦᠮᠦᠨ ᠪᠣᠯᠣᠯ᠎ᠠ ᠬᠡᠰᠡᠨ ᠳᠠᠩᠰᠠᠨ ᠳᠤ ᠣᠷᠣᠭᠤᠯᠵᠦ ᠪᠠᠶᠢᠬᠤ ᠣᠳᠬ᠎ᠠ ᠲᠠᠢ᠃ ᠬᠤᠷᠢᠮᠯᠠᠭᠰᠠᠨ ᠦᠭᠡᠢ ᠠᠬᠢᠮᠠᠭ ᠨᠠᠰᠦ ᠲᠠᠢ ᠭᠤᠣᠨᠢ ᠬᠦᠮᠦᠨ ᠢᠶᠠᠷ ᠢᠷᠦᠬᠡᠯ ᠬᠠᠶᠢᠷᠠᠯᠠᠭᠤᠯᠳᠠᠭ ᠦᠭᠡᠢ  ᠂ ᠬᠤᠷᠢᠮ ᠬᠡᠶᠢᠴᠢ ᠶᠢᠨ ᠭᠠᠵᠠᠷ ᠲᠤ ᠬᠠᠭᠤᠴᠢᠨ ᠴᠠᠭ ᠲᠤ ᠮᠠᠭᠤ ᠢᠷᠸ᠎ᠠ ᠲᠠᠢ ᠪᠣᠯᠣᠨ᠎ᠠ ᠬᠡᠵᠦ ᠰᠡᠵᠢᠭᠯᠡᠵᠦ ᠣᠴᠢᠭᠤᠯᠳᠠᠭ ᠦᠭᠡᠢ ᠪᠠᠶᠢᠭᠰᠠᠨ᠃ ᠬᠠᠷᠢᠨ ᠠᠴᠢ ᠵᠢᠴᠢ ᠲᠠᠢ ᠬᠦᠮᠦᠨ ᠢᠶᠠᠷ ᠢᠷᠦᠬᠡᠯ ᠳᠠᠯᠪᠢᠭᠤᠯᠵᠦ ︽ ᠦᠷ᠎ᠡ ᠲᠠᠢ ᠰᠡᠳᠦ ᠲᠠᠢ ᠪᠣᠯ᠂ ᠦᠷᠢᠶ᠎ᠡ ᠲᠠᠢ ᠳᠠᠭ᠎ᠠ ᠲᠠᠢ ᠪᠣᠯ︾ ᠬᠡᠰᠡᠨ ᠢᠷᠦᠬᠡᠯ ᠬᠠᠶᠢᠷᠠᠯᠠᠭᠤᠯᠳᠠᠭ᠃ ᠠᠬ᠎ᠠ ᠳᠡᠬᠦᠣ ᠨᠠᠷ ᠢᠶᠠᠷ ᠦᠨᠢᠷ᠂ ᠨᠣᠳᠤᠭ ᠨᠢᠷᠣᠭᠤ ᠳᠤ ᠪᠠᠨ ᠬᠦᠨᠳᠦᠳᠬᠡᠯ ᠲᠠᠢ ᠬᠦᠮᠦᠨ ᠢ ᠳᠣᠰᠬᠠᠢ ᠵᠠᠯᠠᠵᠦ ᠢᠷᠦᠬᠡᠯ ᠳᠠᠯᠪᠢᠭᠤᠯᠳᠠᠭ             ᠡᠬᠦᠨ ᠢ ᠪᠢᠳᠠ ᠣᠷᠢᠳᠦ ᠶᠢᠨ ᠢᠷᠦᠬᠡᠯ ᠰᠢᠩᠬᠡᠭᠰᠡᠨ ᠠᠶᠢᠯ ᠬᠡᠵᠦ ᠦᠵᠡᠳᠡᠭ᠃ ᠡᠨᠡ ᠨᠢ ᠦᠶ᠎ᠡ  ᠶᠢᠨ ᠦᠶ᠎ᠡ   ᠳᠤ ᠠᠬ᠎ᠠ ᠳᠡᠬᠦᠣ ᠪᠠᠷ ᠦᠨᠢᠷ ᠦᠳᠬᠡᠨ᠂ ᠠᠳᠣᠭᠤ ᠮᠠᠯ ᠢᠶᠠᠷ ᠪᠠᠶᠠᠨ ᠳᠠᠩᠰᠤᠭ ᠡᠶᠢᠮᠦ ᠠᠶᠢᠯ ᠢ ᠵᠢᠭᠠᠳᠠᠭ᠃ ᠡᠶᠢᠮᠦ ᠠᠶᠢᠯ ᠤᠨ ᠨᠠᠰᠣᠳᠠᠢ ᠡᠷᠡᠭᠳᠠᠢ ᠪᠠᠷ ᠢᠷᠦᠬᠡᠯ ᠬᠠᠶᠢᠷᠠᠯᠠᠭᠤᠯᠪᠠᠯ ᠳᠡᠳᠡᠨ ᠰᠢᠭ ᠪᠠᠶᠠᠨ ᠳᠠᠩᠰᠤᠭ᠂ ᠪᠠᠭᠠᠳᠣᠷ ᠵᠣᠷᠢᠭ ᠲᠠᠢ ᠠᠮᠢᠳᠣᠷᠠᠯ ᠢ ᠪᠡᠯᠬᠡᠳᠡᠨ ᠠᠪᠴᠢᠷᠠᠨ᠎ᠠ ᠬᠡᠮᠡᠨ ᠪᠡᠯᠬᠡᠰᠢᠶᠡᠳᠡᠭ᠃ ᠪᠡᠯᠪᠡᠰᠣᠨ ᠬᠦᠮᠦᠨ᠂ ᠰᠣᠭᠳᠣᠭᠤ ᠴᠠᠯᠴᠢᠶ᠎ᠠ ᠬᠦᠮᠦᠨ ᠢᠶᠠᠷ ᠢᠷᠦᠬᠡᠯ ᠳᠠᠯᠪᠢᠭᠤᠯᠳᠠᠭ ᠦᠭᠡᠢ            ᠣᠴᠢᠷ ᠨᠢ ᠢᠷᠦᠬᠡᠯ ᠪᠣᠯ ᠰᠠᠶᠢᠨ ᠰᠠᠶᠢᠬᠠᠨ᠂ ᠠᠵᠠ ᠵᠢᠷᠭᠠᠯ ᠤᠨ ᠪᠡᠯᠬᠡᠳᠡᠯ ᠢᠶᠠᠷ ᠳᠦᠬᠦᠷᠡᠩ ᠪᠠᠶᠢᠳᠠᠭ ᠪᠣᠯᠬᠤᠷ ᠢᠷᠦᠬᠡᠭᠴᠢ ᠨᠢ ᠵᠠᠪᠠᠯ ᠡᠷᠡᠬᠦᠯ ᠰᠠᠷᠠᠭᠤᠯ᠂ ᠪᠣᠷᠢᠨ ᠪᠦᠳᠦᠨ᠂ ᠭᠤᠸ᠎ᠠ ᠰᠠᠶᠢᠬᠠᠨ ᠪᠠᠶᠢᠬᠤ ᠬᠡᠷᠡᠭᠳᠠᠢ᠃ ᠬᠡᠷᠪᠡ ᠰᠣᠭᠳᠣᠭᠤ ᠬᠦᠮᠦᠨ ᠢᠶᠠᠷ ᠢᠷᠦᠬᠡᠯ ᠳᠠᠯᠪᠢᠭᠤᠯᠪᠠᠯ ᠢᠷᠦᠬᠡᠬᠦ ᠶᠠᠪᠣᠴᠠ ᠳᠤ ᠪᠠᠨ ᠬᠠᠷᠢᠶᠠᠯ ᠵᠦᠬᠡᠬᠡᠯ ᠴᠦ ᠳᠠᠯᠪᠢᠵᠦ᠂ ᠰᠠᠶᠢᠨ ᠬᠡᠷᠡᠭ ᠲᠤ ᠰᠠᠭᠠᠳ ᠪᠣᠯᠣᠨ᠎ᠠ  ᠬᠡᠵᠦ ᠦᠵᠡᠳᠡᠭ᠃
 
ᠢᠷᠡᠯᠲᠡ᠄ ᠡᠷᠢᠶᠡᠨ ᠬᠤᠲᠠ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号