ᠴᠢᠩᠬᠢᠰ
ᠨᠡᠶᠢᠲᠡᠯᠡᠭᠰᠡᠨ ᠴᠠᠭ᠄
2020/3/12
ᠵᠣᠬᠢᠶᠠᠭᠴᠢ᠄ ᠳ᠋᠊᠂ ᠫᠦᠷᠪᠦᠳᠣᠷᠵᠢ ᠳᠡᠮᠣᠵᠢᠨ  — ᠨᠣᠮᠣ ᠶᠢᠨ ᠬᠦᠪᠴᠢ ᠠᠴᠠ ᠲᠦᠷᠦᠬᠡ ᠦᠭᠡᠢ ᠶᠤᠮ ᠳᠡᠮᠣᠵᠢᠨ — ᠰᠣᠮᠣ ᠶᠢᠨ ᠵᠠᠪᠠ ᠠᠴᠠ ᠭᠠᠷᠤᠭ᠎ᠠ ᠦᠭᠡᠢ ᠶᠤᠮ ᠳᠡᠮᠣᠵᠢᠨ — ᠦᠬᠡᠯᠦᠨ ᠡᠬᠡ ᠠᠴᠠ ᠲᠦᠷᠦᠭᠰᠡᠨ ᠶᠤᠮ ᠳᠡᠮᠣᠵᠢᠨ — ᠦᠷᠯᠦᠭ ᠳᠡᠣᠬᠡᠨ ᠠᠴᠠ ᠭᠠᠷᠣᠭᠰᠠᠨ ᠶᠤᠮ ᠠᠮᠠᠷ ᠵᠠᠶᠠᠭ᠎ᠠ ᠬᠤᠮᠰᠠ ᠳᠣᠭᠤᠯᠠᠩ ᠨᠢᠯᠪᠣᠰᠣᠳᠦ ᠬᠤᠷᠸ᠎ᠠ ᠳᠤ ᠠᠪᠣᠷᠠᠬᠤ ᠳᠠᠪᠢᠯᠠᠩ ᠮᠡᠬᠦᠰ ᠨᠠᠢᠮᠠᠨ ᠦᠶ᠎ᠡ ᠶᠢᠨ ᠳᠡᠷᠳᠡᠭᠡ ᠳᠤ ᠠᠳᠠᠭ᠎ᠠ ᠬᠤᠷᠣᠰᠣᠯ ᠤᠨ ᠮᠠᠨᠴᠣᠢ ᠳᠤ ᠶᠢᠰᠦᠬᠡᠢ ᠶᠢᠨ ᠬᠦᠦ ᠦᠰᠴᠦ ᠠᠶᠠᠨ ᠳᠠᠶᠢᠨ ᠤ ᠣᠩᠭᠤᠳ ᠢᠶᠠᠷ ᠶᠢᠰᠦᠨ ᠳᠤᠭ ᠢᠶᠠᠨ ᠳᠠᠬᠢᠭᠰᠠᠨ ᠶᠤᠮ ᠣᠭᠤᠨᠣ ᠶᠢᠨ ᠬᠠᠯᠢᠭᠤᠨ ᠵᠣ  ᠰᠢᠭ᠋ ᠬᠠᠯᠬ᠎ᠠ ᠶᠢᠨ ᠰᠠᠷᠠᠭᠤᠯ ᠳᠠᠯ᠎ᠠ ᠳᠤ ᠣᠩᠬᠢᠨ ᠴᠠᠭᠠᠨ ᠳᠠᠮᠠᠭ᠎ᠠ ᠰᠢᠭ᠋ ᠬᠡᠷ ᠢᠶᠠᠨ ᠲᠡᠷᠡ ᠪᠠᠷᠢᠭᠰᠠᠨ ᠶᠤᠮ ᠣᠨᠣᠨ ᠮᠦᠷᠡᠨ ᠤ ᠰᠠᠪᠠ ᠳᠤ ᠬᠤᠷ᠎ᠠ ᠰᠢᠭ᠋ ᠱᠠᠬᠢᠬᠤ ᠠᠳᠣᠭᠤᠨ ᠠᠴᠠ ᠣᠩᠭᠤᠨ ᠬᠤᠶᠠᠷ ᠵᠠᠭᠠᠯ ᠢ ᠮᠦᠩᠬᠦᠨ ᠬᠢᠷᠠᠭᠤᠨ ᠳᠤ ᠰᠣᠶᠢᠭᠰᠠᠨ ᠶᠤᠮ ᠡᠬᠡ ᠣᠷᠣᠨ ᠢᠶᠠᠨ ᠦᠮᠴᠢᠯᠡᠭᠰᠡᠨ ᠭᠤᠷᠪᠠᠨ ᠬᠠᠰᠠᠭ ᠤᠨ ᠬᠦᠷᠢᠶᠡᠯᠡᠩ ᠢ ᠡᠯᠢᠬᠡᠨ ᠣᠷᠤᠭ ᠢᠶᠠᠨ ᠦᠮᠦᠬᠡᠷᠡᠭᠰᠡᠨ ᠲᠦᠷᠪᠡᠨ ᠳᠣᠳᠣᠭᠤ ᠪᠠᠷ ᠳᠦᠰᠢᠬᠦᠯᠵᠦ ᠳᠣᠯᠭᠤᠷ ᠲᠦᠷᠦ ᠶᠢᠨ ᠪᠠᠭᠠᠨ᠎ᠠ ᠶᠢ ᠬᠤᠷᠯᠦ ᠳᠣᠭᠤᠨᠣᠨ ᠳᠤ ᠡᠷᠬᠦᠨ ᠳᠣᠭᠤᠷᠭ᠎ᠠ ᠳᠣᠰᠭᠠᠷ ᠮᠣᠩᠭᠤᠯ ᠤᠨ ᠭᠤᠯᠣᠮᠳᠠ ᠶᠢ ᠲᠡᠷᠡ ᠳᠣᠯᠣᠭᠰᠠᠨ ᠶᠤᠮ ᠬᠦᠬᠡ ᠮᠣᠩᠭᠤᠯ ᠤᠨ ᠳᠡᠪᠢᠬᠡᠨ ᠳᠠᠩᠬᠢᠰ ᠤᠨ ᠰᠢᠭᠤᠷᠭ᠎ᠠ ᠶᠢ ᠢᠷᠡᠵᠦ ᠬᠦᠮᠦᠬᠡᠢ ᠵᠠᠭᠤᠭᠰᠠᠨ ᠶᠢᠷᠳᠢᠨᠴᠦ ᠴᠢᠩᠬᠢᠰ ᠤᠨ ᠡᠮᠦᠨ᠎ᠡ ᠰᠦᠬᠦᠷᠡᠭᠰᠡᠨ ᠶᠤᠮ ᠬᠦᠯᠦᠭ ᠮᠣᠷᠢᠳ ᠤᠨ ᠳᠣᠭᠤᠷᠠᠢ ᠦᠷᠦᠨ᠎ᠡ ᠳᠣᠷᠣᠨ᠎ᠠ ᠶᠢ  ᠴᠦᠮᠦᠯᠡᠵᠦ ᠬᠦᠯ ᠨᠢᠴᠦᠬᠦᠨ ᠬᠤᠷᠸ᠎ᠠ ᠬᠠᠯᠠᠭᠤᠨ ᠣᠷᠠᠮ ᠬᠢᠰᠬᠢᠭᠰᠡᠨ ᠶᠤᠮ ᠳᠠᠶᠢᠮᠦ ᠡ︕ ᠳᠠᠶᠢᠨ ᠮᠦᠷ ᠢᠶᠠᠷ ᠴᠠᠭᠠᠨ ᠰᠦ ᠣᠷᠣᠰᠤᠭ᠎ᠠ ᠦᠬᠡᠢ ᠳᠠᠶᠢᠮᠦ ᠡ︕ ᠳᠠᠶᠢᠴᠢᠳ ᠤᠨ ᠰᠦᠷ ᠢ ᠴᠠᠭ ᠤᠨ ᠰᠠᠭᠠᠯᠳᠠ ᠮᠠᠷᠳᠠᠭ᠎ᠠ ᠦᠭᠡᠢ ᠳᠠᠶᠢᠮᠦ ᠡ︕ ᠴᠢᠩᠬᠢᠰ ᠦᠨᠳᠦᠷ ᠠᠯᠳᠠᠢ ᠶᠢᠨ ᠵᠠᠷ ᠲᠠᠢ ᠶᠤᠮ ᠲᠠᠶᠢᠮᠦ ᠡ︕ ᠴᠢᠩᠬᠢᠰ ᠦᠨᠦᠳᠦᠷ ᠴᠦ ᠬᠡᠰᠡᠨ ᠨᠡᠷ᠎ᠡ ᠲᠠᠢ ᠶᠤᠮ ᠬᠤᠶᠢᠴᠢ ᠦᠶ᠎ᠡ ᠳᠤ ᠪᠠᠨ ᠲᠡᠷᠡ ᠬᠠᠷ᠎ᠠ ᠪᠣᠷᠣᠭᠤ ᠰᠠᠨᠠᠭ᠎ᠠ ᠦᠭᠡᠢ ᠬᠤᠷᠢᠨ ᠭᠠᠩ ᠤᠨ ᠭᠠᠴᠢᠶᠠᠯ ᠳᠤ ᠬᠠᠳᠣᠨ ᠣᠨᠣᠨ ᠰᠢᠷᠬᠢᠭᠡ ᠦᠭᠡᠢ ᠴᠢᠩᠬᠢᠰ ᠤᠨ ᠶᠡᠭᠡ ᠮᠣᠩᠭᠤᠯ ᠶᠠᠳᠠᠷᠠᠭᠰᠠᠨ᠂ ᠭᠤᠳᠣᠷᠠᠭᠰᠠᠨ᠂ ᠵᠠᠳᠠᠷᠠᠭᠰᠠᠨ ᠴᠢᠨᠦ ᠬᠦᠬᠡ ᠮᠣᠩᠭᠤᠯ ᠢᠯᠠᠭᠰᠠᠨ᠂ ᠬᠦᠭᠵᠢᠭᠰᠡᠨ᠂ ᠮᠠᠨᠳᠣᠭᠰᠠᠨ ᠶᠠᠮᠠᠷ ᠴᠦ ᠪᠠᠶᠢᠭᠰᠠᠨ ᠴᠢᠩᠬᠢᠰ ᠬᠠᠨ ᠭᠠᠷᠣᠳᠢ  ᠰᠢᠭ᠋ ᠬᠠᠯᠢᠵᠦ ᠶᠠᠯ᠎ᠠ ᠭᠠᠪᠢᠶ᠎ᠠ ᠬᠤᠶᠠᠷ ᠢᠶᠠᠨ ᠬᠤᠶᠢᠴᠢ ᠦᠶ᠎ᠡ ᠳᠤ ᠪᠠᠨ ᠳᠠᠭᠠᠳᠬᠠᠭᠰᠠᠨ ᠶᠤᠮ ᠭᠠᠯ ᠣᠰᠣᠨ ᠳᠤ ᠡᠯᠡᠭᠳᠡᠭᠰᠡᠨ ᠪᠣᠭᠤᠷᠣᠯ  ᠽᠠᠮᠪᠣᠲ᠋ᠢᠪ ᠤᠨ ᠮᠠᠩᠨᠠᠢ ᠳᠤ ᠭᠠᠩ ᠰᠠᠯᠠᠮ᠎ᠠ ᠶᠢᠨ ᠢᠶᠠᠨ ᠢᠷ ᠢᠶᠠᠷ ᠮᠣᠩᠭᠤᠯ ᠬᠡᠵᠦ ᠪᠢᠴᠢᠭᠰᠡᠨ ᠶᠤᠮ᠃
 
ᠢᠷᠡᠯᠲᠡ᠄ ᠡᠷᠢᠶᠡᠨ ᠬᠤᠲᠠ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号