ᠠᠳᠣᠭᠤᠨ ᠤ ᠵᠢᠰᠦᠮ
ᠨᠡᠶᠢᠲᠡᠯᠡᠭᠰᠡᠨ ᠴᠠᠭ᠄
2020/4/1
ᠰ᠊᠂ ᠳᠣᠯᠮ᠎ᠠ ᠶᠢᠨ ︽ ᠮᠣᠩᠭᠤᠯ ᠪᠡᠯᠬᠡᠳᠡᠯ  ᠵᠦᠢ  ︾ 1. ᠴᠠᠭᠠᠨ ᠵᠢᠰᠦᠮ —  ᠠᠳᠣᠭᠤᠨ ᠤ ᠠᠬ᠎ᠠ ᠵᠠᠬ᠎ᠠ ᠬᠡᠳᠡᠭ᠃ ᠳᠡᠭᠷᠢ ᠳᠠᠬᠢᠯᠭ᠎ᠠ ᠳᠤᠷ ᠬᠡᠷᠡᠭᠯᠡᠮᠣᠢ᠃ ᠶᠢᠰᠦᠨ ᠴᠠᠭᠠᠨ ᠪᠡᠯᠭᠡ ᠳᠤ ᠪᠠᠭᠳᠠᠨ᠎ᠠ᠃ ᠦᠨᠳᠡᠬᠡᠨ ᠴᠠᠭᠠᠨ ᠪᠣᠯ ᠡᠵᠡᠨ ᠪᠣᠭᠳᠠ ᠶᠢᠨ ᠬᠦᠯᠦᠭ᠂ ᠡᠴᠢᠬᠡ ᠳᠡᠭᠷᠢ ᠶᠢᠨ ᠬᠦᠯᠦᠭ᠂ ᠣᠩᠭᠤᠯᠠᠵᠦ ᠰᠡᠳᠡᠷᠯᠡᠳᠡᠭ ᠬᠦᠯᠦᠭ᠃2. ᠪᠣᠷᠦ ᠵᠢᠰᠦᠮ  — ᠠᠶᠢᠷᠠᠭ ᠨᠠᠶᠢᠷ ᠤᠨ᠂ ᠬᠤᠷᠢᠮ ᠤᠨ ᠶᠣᠰᠣᠨ ᠤ᠂ ᠰᠢᠨᠡᠯᠡᠬᠦ ᠴᠠᠭᠠᠯᠠᠬᠤ ᠦᠶ᠎ᠡ ᠶᠢᠨ ᠬᠦᠯᠦᠭ  ᠣᠨᠤᠭ᠎ᠠ᠃ ᠰᠣᠨᠢᠷᠭᠠᠯᠳᠠᠢ ᠨᠢ   ᠮᠣᠩᠭᠤᠯ ᠦᠯᠢᠬᠡᠷ ᠳᠣᠣᠯᠢ ᠳᠤ ᠪᠣᠷᠦ ᠵᠢᠰᠦᠮ ᠤᠨ ᠮᠣᠷᠢ ᠨᠢ ᠬᠤᠪᠢᠯᠭᠠᠨ ᠬᠦᠯᠦᠭ ᠪᠣᠯᠵᠦ ᠢᠯᠡᠷᠡᠳᠡᠭ᠃3. ᠰᠢᠷᠭᠠᠯ ᠵᠢᠰᠦᠮ— ᠳᠡᠮᠣᠵᠢᠨ ᠤ ᠨᠠᠢᠮᠠᠨ ᠰᠢᠷᠭ᠎ᠠ   ᠶᠢᠨ ᠣᠯᠠᠮᠵᠢᠯᠠᠯ ᠠᠴᠠ ᠡᠬᠦᠰᠦᠯᠳᠠᠢ᠃ ᠠᠯᠳᠠᠨ ᠣᠷᠤᠭ  ᠤᠨ ᠪᠣᠯᠣᠨ ᠰᠣᠷᠪᠣᠯᠵᠢᠯᠳᠦ ᠢᠵᠠᠭᠤᠷᠳᠠᠨ᠂ ᠬᠤᠳᠣᠭᠳᠦ ᠬᠤᠪᠢᠯᠭᠠᠳ ᠤᠨ ᠬᠦᠯᠦᠭᠯᠡᠳᠡᠭ ᠣᠨᠤᠭ᠎ᠠ᠃ ︽ ᠵᠢᠩᠭᠠᠷ ︾   ᠲᠤ ᠣᠷᠴᠢᠯᠠᠩ ᠤᠨ ᠰᠠᠶᠢᠬᠠᠨ ᠮᠢᠩᠶᠠᠨ ᠪᠣᠯ ︽ ᠰᠠᠨᠠᠭᠠᠨ ᠠᠴᠠ ᠳᠠᠯᠢᠮ ᠬᠤᠷᠳᠣᠨ᠂ ᠰᠠᠯᠬᠢᠨ ᠠᠴᠠ ᠠᠯᠳᠠ ᠬᠤᠷᠳᠣᠨ︾  ᠠᠯᠳᠠᠨ ᠰᠢᠷᠭ᠎ᠠ ᠮᠣᠷᠢ ᠣᠨᠣᠳᠠᠭ᠃4. ᠬᠠᠷ᠎ᠠ ᠵᠢᠰᠦᠮ— ᠡᠵᠡᠨ ᠲᠦᠷᠦ ᠳᠤ   ᠪᠠᠨ ᠵᠢᠳᠬᠦᠳᠡᠭ  ᠬᠠᠷ᠎ᠠ ᠶᠠᠰᠣᠳᠦ᠂ ᠬᠠᠷ᠎ᠠ ᠳᠡᠷᠢᠬᠦᠳᠦ ᠬᠦᠮᠦᠨ ᠤ ᠣᠨᠤᠭ᠎ᠠ᠃ ᠣᠨᠣᠭᠰᠠᠨ ᠡᠵᠡᠨ ᠤ ᠪᠠᠨ ᠡᠷ᠎ᠡ ᠴᠢᠳᠠᠯ ᠢ ᠴᠦ ᠳᠣᠬᠢᠶᠠᠯᠠᠨ ᠭᠠᠷᠭᠠᠳᠠᠭ᠃5. ᠵᠡᠬᠡᠷᠳᠠ  ᠵᠢᠰᠦᠮ— ᠣᠭᠰᠠᠭ᠎ᠠ ᠰᠣᠷᠪᠣᠯᠵᠢᠯᠳᠦ ᠬᠦᠮᠦᠨ᠂ ᠳᠠᠶᠢᠴᠢᠨ ᠪᠠᠭᠠᠳᠣᠷ ᠬᠦᠮᠦᠨ ᠤ ᠬᠦᠯᠦᠭ᠃ ᠵᠠᠷᠢᠮ ᠨᠣᠳᠤᠭ ᠲᠤ ᠴᠢᠰᠦᠨ ᠣᠯᠠᠭᠠᠨ ᠵᠡᠬᠡᠷᠳᠠ ᠶᠢ ᠴᠡᠬᠡᠷᠯᠡᠳᠡᠭ᠃ ᠡᠨᠡ ᠨᠢ ᠪᠠᠷᠤᠭ ᠮᠣᠩᠭᠤᠯᠴᠣᠳ ᠤᠨ ᠨᠠᠯᠣᠶᠢᠭ᠍ᠰᠡᠨ ᠣᠯᠠᠭᠠᠨ ᠦᠩᠬᠡ ᠶᠢ ᠴᠡᠬᠡᠷᠯᠡᠬᠦ ᠵᠠᠩ ᠵᠢᠷᠣᠮ ᠠᠴᠠ ᠪᠣᠯᠣᠭᠰᠠᠨ ᠪᠠᠶᠢᠯᠳᠠᠢ᠃6. ᠬᠡᠬᠡᠷ ᠵᠢᠰᠣᠮ— ᠡᠩ ᠤᠨ ᠠᠷᠠᠳ ᠤᠨ ᠡᠳᠦᠷ ᠳᠣᠳᠣᠮ ᠤᠨ ᠮᠠᠯ ᠠᠬᠤᠢ᠂ ᠠᠩ ᠬᠦᠷᠦᠬᠡ᠂ ᠡᠰᠡᠬᠦᠯ᠎ᠡ ᠠᠮᠠᠷᠠᠭ ᠢᠨᠠᠭ ᠤᠨ ᠪᠣᠯᠵᠤᠭ᠎ᠠ ᠳᠤ ᠪᠠᠨ ᠣᠨᠣᠳᠠᠭ ᠮᠣᠷᠢ᠃ ᠬᠠᠷ᠎ᠠ ᠬᠡᠬᠡᠷ ᠪᠣᠯ ᠪᠠᠭᠠᠳᠣᠷ ᠤᠨ ᠢᠶᠠᠨ ᠬᠦᠴᠦᠨ ᠴᠢᠳᠠᠯ ᠤᠨ ᠢᠯᠡᠳᠬᠡᠯ ᠪᠣᠯᠳᠠᠭ᠃7. ᠬᠦᠷᠠᠩ ᠵᠢᠰᠦᠮ—  ᠣᠷᠳᠦ ᠬᠤᠯᠠ ᠶᠢᠨ ᠠᠶᠠᠨ ᠵᠠᠮ ᠳᠤ ᠣᠨᠣᠳᠠᠭ ᠬᠦᠯᠦᠭ᠃ ᠬᠦᠷᠠᠩ ᠮᠣᠷᠢ ᠣᠨᠣᠪᠠᠯ ᠠᠯᠢᠪᠠ ᠰᠠᠭᠠᠳ ᠳᠣᠳᠬᠠᠷ ᠪᠣᠯᠣᠨ ᠠᠶᠣᠯ ᠳᠦᠭᠰᠢᠬᠦᠷᠢ ᠬᠠᠭᠠᠭᠳᠠᠳᠠᠭ᠃8. ᠣᠯᠠᠭᠠᠨ ᠵᠢᠰᠣᠮ— ᠳᠠᠩᠰᠣᠭᠯᠠᠵᠦ ᠬᠡᠬᠡᠨᠴᠢᠷᠯᠠᠬᠦ ᠦᠶ᠎ᠡ ᠳᠤ ᠣᠨᠣᠳᠠᠭ ᠬᠦᠯᠦᠭ᠃9. ᠬᠠᠯᠳᠠᠷ ᠵᠢᠰᠦᠮ—  ᠠᠩ ᠬᠦᠷᠦᠬᠡᠨ ᠳᠤ ᠣᠨᠣᠪᠠᠯ ᠭᠠᠨᠵᠤᠭ᠎ᠠ ᠳᠦᠬᠦᠷᠠᠩ ᠪᠣᠯᠵᠦ ᠣᠯᠵᠠ ᠬᠡᠰᠢᠭ ᠰᠠᠶᠢᠳᠠᠢ ᠪᠠᠶᠢᠳᠠᠭ᠃10. ᠴᠣᠬᠤᠷ ᠵᠢᠰᠣᠮ— ᠦᠯᠢᠬᠡᠷ ᠳᠣᠣᠯᠢ ᠳᠤ ᠭᠤᠣᠯᠳᠠᠭᠤ ᠡᠰᠡᠷᠬᠦ ᠡᠳᠡᠬᠡᠳ ᠤᠨ ᠪᠠᠭᠠᠳᠣᠷ ᠤᠨ ᠣᠨᠤᠭ᠎ᠠ ᠬᠦᠯᠦᠭ ᠪᠣᠯᠵᠦ ᠭᠠᠷᠳᠠᠭ᠃ ᠠᠭᠤᠯᠠ ᠶᠢᠨ ᠴᠢᠨᠠᠬᠡᠨ ᠠᠯᠠᠭ ᠴᠣᠬᠤᠷ ᠮᠣᠷᠢ ᠲᠠᠢ ᠬᠡᠬᠦ ᠮᠡᠳᠦ᠃11. ᠬᠠᠯᠢᠭᠤᠨ ᠵᠢᠰᠦᠮ— ᠢᠵᠠᠭᠤᠷᠳᠠᠨ ᠳᠡᠬᠡᠳᠦᠰ ᠤᠨ ᠡᠷᠬᠢᠮᠯᠡᠳᠡᠭ ᠵᠢᠰᠦᠮ᠃ 12. ᠬᠤᠯᠠ ᠵᠢᠰᠣᠮ— ᠬᠤᠯᠠᠨ ᠰᠢᠭ᠋ ᠬᠤᠷᠳᠣᠨ᠂ ᠰᠢᠨᠳᠠᠰᠦ ᠲᠠᠢ᠂ ᠠᠯᠣᠰ ᠬᠤᠯᠠ ᠶᠢ ᠳᠣᠭᠤᠯᠬᠤ  ᠴᠢᠳᠠᠯᠳᠠᠢ᠃ ᠳ᠋᠊᠂ ᠨᠠᠴᠣᠭᠳᠣᠷᠵᠢ ᠶᠢᠨ ︽ ᠬᠠᠭᠤᠴᠢᠨ ᠬᠦᠦ︾  ᠳᠣᠳᠣᠷᠠᠬᠢ ᠬᠠᠭᠤᠴᠢᠨ ᠬᠦᠦ ᠪᠣᠯ ᠬᠤᠯᠠ ᠮᠣᠷᠢ ᠣᠨᠣᠳᠠᠭ᠃13. ᠰᠠᠭᠠᠷᠠᠯ ᠵᠢᠰᠣᠮ— ᠶᠡᠷᠦ ᠶᠢᠨ ᠠᠷᠠᠳ᠂ ᠵᠢᠷ ᠤᠨ ᠣᠯᠠᠨ ᠤ ᠣᠨᠤᠭ᠎ᠠ᠃ ᠠᠪᠤ ᠡᠵᠢ᠂ ᠠᠮᠠᠷᠠᠭ ᠰᠠᠳᠣᠨ ᠢ ᠵᠣᠯᠭᠠᠭᠤᠯᠳᠠᠭ ᠣᠨᠤᠭ᠎ᠠ᠃14. ᠬᠤᠩᠭᠤᠷ ᠵᠢᠰᠦᠮ— ᠢᠵᠠᠭᠤᠷᠳᠠᠨ᠂ ᠪᠠᠶᠠᠳ ᠨᠣᠶᠠᠳ ᠤᠨ ᠡᠷᠬᠢᠮᠯᠡᠳᠡᠭ ᠵᠢᠰᠦᠮ᠃15. ᠪᠣᠭᠤᠷᠣᠯ ᠵᠢᠰᠣᠮ— ᠲᠦᠷᠦ ᠶᠣᠰᠣᠨ ᠤ ᠵᠠᠷᠯᠢᠭ ᠵᠠᠬᠢᠶ᠎ᠠ᠂ ᠬᠡᠰᠢᠭ ᠰᠣᠶᠣᠷᠬᠠᠯ ᠳᠡᠷᠢᠬᠦᠳᠠᠨ ᠢ ᠬᠦᠷᠬᠡᠬᠦ  ᠳᠤ ᠣᠨᠣᠳᠠᠭ᠃16. ᠵᠠᠭᠠᠯ ᠵᠢᠰᠦᠮ— ᠠᠩ ᠬᠦᠷᠦᠬᠡ᠂ ᠠᠪᠠ ᠬᠤᠮᠣᠷᠭᠠᠨ ᠳᠤ ᠣᠨᠣᠳᠠᠭ ᠮᠣᠷᠢ᠃17. ᠠᠯᠠᠭ ᠵᠢᠰᠣᠮ— ᠬᠠᠷᠠᠴᠦ  ᠬᠦᠮᠦᠨ ᠤ ᠣᠨᠣᠳᠠᠭ ᠮᠣᠷᠢ᠃18. ᠬᠦᠭᠡ ᠵᠢᠰᠣᠮ— ᠬᠦᠮᠦᠨ ᠠᠮᠢᠳᠠᠨ ᠤ ᠴᠦᠬᠡᠨ ᠠᠴᠠ ᠣᠯᠠᠰᠢᠷᠠᠬᠤ᠂ ᠠᠮᠣᠷ ᠳᠠᠶᠢᠪᠣᠩ ᠠᠵᠠ ᠵᠢᠷᠭᠠᠯ  ᠲᠠᠢ᠂ ᠦᠨᠢ ᠣᠳᠠᠭᠠᠨ ᠠᠮᠢᠳᠣᠷᠠᠬᠤ ᠶᠢ ᠳᠣᠬᠢᠶᠠᠯᠠᠨ ᠪᠡᠯᠬᠡᠳᠡᠳᠡᠭ᠃
 
ᠢᠷᠡᠯᠲᠡ᠄ ᠡᠷᠢᠶᠡᠨ ᠬᠤᠲᠠ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号