ᠨᠤᠮ ᠲᠠᠢ ᠬᠠᠨᠢᠯᠠᠶ᠎ᠠ
ᠨᠡᠶᠢᠲᠡᠯᠡᠭᠰᠡᠨ ᠴᠠᠭ᠄
2020/6/11
ᠨᠤᠮ ᠲᠠᠢ ᠬᠠᠨᠢᠯᠠᠶ᠎ᠠᠤᠳᠤᠷᠢᠳᠬᠠᠯ᠄       ︽ᠨᠠᠷᠠ ᠭᠠᠷᠬᠤ ᠪᠠᠷ ᠪᠠᠶᠢᠭᠠᠯᠢ ᠰᠡᠷᠭᠦᠳᠡᠭ᠂ ᠨᠤᠮ ᠤᠩᠰᠢᠬᠤ ᠪᠠᠷ ᠲᠠᠷᠢᠬᠢ ᠰᠡᠷᠭᠦᠳᠡᠭ  ︾ ︽ᠨᠤᠮ ᠪᠤᠯ ᠲᠡᠯᠡᠬᠡᠢ ᠶᠢ ᠬᠠᠷᠠᠬᠤ ᠴᠤᠩᠬᠤ᠂ ᠨᠤᠮ ᠪᠤᠯ ᠤᠶᠤᠨ ᠢ ᠭᠡᠶᠢᠭᠦᠯᠦᠭᠴᠢ ᠵᠤᠯᠠ ᠮᠥᠨ︾ ᠡᠨᠡ ᠵᠢᠯ ᠤᠨ ᠲᠡᠯᠡᠬᠡᠢ ᠶᠢᠨ ᠨᠤᠮ ᠤᠩᠰᠢᠬᠤ ᠡᠳᠦᠷ ᠢ ᠲᠤᠬᠢᠶᠠᠯᠳᠤᠭᠤᠯᠤᠨ ᠬᠤᠳᠠ ᠶᠢᠨ ᠦᠨᠳᠦᠰᠦᠳᠡᠨ ᠤ ᠬᠡᠷᠡᠭ ᠡᠷᠬᠢᠯᠡᠬᠦ ᠵᠥᠪᠯᠡᠯ ᠠᠴᠠ ᠬᠤᠳᠠ ᠶᠢᠨ ᠮᠤᠩᠭᠤᠯ ᠦᠨᠳᠦᠰᠦᠳᠡᠨ ᠤ ᠳᠤᠮᠳᠠᠳᠤ ᠰᠤᠷᠭᠠᠭᠤᠯᠢ ᠶᠢᠨ ᠲᠤᠭᠯᠠᠯᠲᠠ ᠶᠢᠨ ᠲᠢᠩᠭᠢᠮ ᠳᠤ ᠡᠯ᠎ᠡ ᠳᠤᠮᠳᠠᠳᠤ ᠪᠠᠭ᠎ᠠ ᠰᠤᠷᠭᠠᠭᠤᠯᠢ ᠵᠢᠴᠢ ᠶᠡᠭᠡ ᠰᠤᠷᠭᠠᠭᠤᠯᠢ ᠶᠢᠨ ᠰᠤᠷᠤᠭᠴᠢ ᠤᠶᠤᠲᠠᠨ ᠳᠤ ᠨᠤᠮ  ᠬᠠᠨᠳᠢᠪᠯᠠᠬᠤ  ᠪᠤᠶᠠᠨᠰᠠᠭ ᠠᠵᠢᠯᠯᠠᠭ᠎ᠠ ᠥᠷᠨᠢᠭᠦᠯᠦᠯ᠎ᠡ᠃ ᠲᠠᠶᠢᠯᠤᠮᠵᠢ᠄      ᠠᠯᠳᠠᠷᠲᠤ ᠵᠤᠬᠢᠶᠠᠭᠴᠢ ᠨᠠ᠊ ᠦᠯᠵᠡᠶᠢᠳᠡᠯᠭᠡᠷ ᠭᠤᠸᠠᠢ ᠶᠢᠨ ᠪᠢᠴᠢᠭᠰᠡᠨ ︽ᠮᠤᠩᠭᠤᠯ ᠬᠡᠯᠡ  ︾ ᠭᠡᠰᠡᠨ ᠰᠢᠯᠦᠭ ᠤᠨ  ᠡᠭᠡᠰᠢᠭᠯᠡᠩ ᠤᠶᠠᠩᠭᠠᠯᠠᠯ ᠢᠶᠠᠷ ᠨᠤᠮ  ᠬᠠᠨᠳᠢᠪᠯᠠᠬᠤ ᠠᠵᠢᠯᠯᠠᠭ᠎ᠠ ᠪᠠᠨ ᠡᠬᠢᠯᠡᠭᠦᠯᠦᠯ᠎ᠡ᠃ ︵ᠰᠢᠯᠦᠭ ᠤᠨ ᠤᠩᠰᠢᠭᠰᠠᠨ ᠬᠡᠰᠡᠭ᠄ ᠬᠤᠳᠠ ᠶᠢᠨ ᠮᠤᠩᠭᠤᠯ ᠦᠨᠳᠦᠰᠦᠳᠡᠨ ᠤ  ᠪᠠᠭ᠎ᠠ ᠰᠤᠷᠭᠠᠭᠤᠯᠢ ᠶᠢᠨ  ᠰᠤᠷᠤᠭᠴᠢ   ᠪᠠᠢ ᠰᠢᠨ  ᠬᠤᠢ  ︶     ᠡᠷᠢᠶᠡᠨ ᠬᠤᠳᠠ ᠶᠢᠨ ᠳᠤᠮᠳᠠᠳᠤ ᠪᠠᠭ᠎ᠠ ᠰᠤᠷᠭᠠᠭᠤᠯᠢ ᠶᠢᠨ12  ᠰᠤᠷᠤᠭᠴᠢ ᠶᠢᠨ ᠢᠷᠠᠭᠤ  ᠤᠶᠠᠩᠭ᠎ᠠ ᠪᠠᠷ ᠨᠤᠮ  ᠤᠩᠰᠢᠬᠤ ᠡᠳᠦᠷᠯᠢᠭ ᠢᠶᠠᠨ  ᠬᠥᠭ ᠠᠶᠠᠯᠭᠤ ᠲᠠᠢ ᠤᠭᠲᠤᠵᠤ᠂  ᠰᠤᠷᠤᠭᠴᠢᠳ ᠡᠷᠳᠡᠮ ᠤᠬᠠᠭᠠᠨ ᠤ ᠠᠶᠠᠨ ᠤ ᠵᠠᠮ ᠳᠤ ᠵᠢᠯᠤᠭᠤ ᠨᠡᠶᠢᠯᠡᠭᠦᠯᠵᠦ᠂  ᠪᠤᠭᠤᠮᠲᠠ ᠶᠢᠨ ᠬᠤᠳᠠᠨ ᠳᠤ ᠨᠤᠮ  ᠤᠨ  ᠥᠨᠦᠷ ᠠᠩᠭᠢᠯᠤᠭᠤᠯᠤᠨ ᠬᠤᠳᠠ ᠶᠢᠨ ᠮᠤᠩᠭᠤᠯ ᠪᠠᠭ᠎ᠠ ᠰᠤᠷᠭᠠᠭᠤᠯᠢ ᠶᠢᠨ ᠬᠤᠶᠠᠷ ᠰᠤᠷᠤᠭᠴᠢ᠂  ᠬᠤᠳᠠ ᠶᠢᠨ ᠮᠤᠩᠭᠤᠯ ᠦᠨᠳᠦᠰᠦᠳᠡᠨ ᠤ ᠳᠤᠮᠳᠠᠳᠤ ᠰᠤᠷᠭᠠᠭᠤᠯᠢ ᠶᠢᠨ ᠲᠥᠷᠪᠡᠨ ᠰᠤᠷᠤᠭᠴᠢ ᠠᠴᠠ ᠢᠷᠠᠭᠤ ᠰᠠᠶᠢᠬᠠᠨ ᠤᠶᠠᠩᠭᠠᠯᠠᠯ᠎ᠠ᠃ ︵ ᠰᠤᠷᠤᠭᠴᠢ ᠶᠢᠨ ᠤᠷᠠᠨ ᠤᠩᠰᠢᠯᠭ᠎ᠠ ᠶᠢᠨ ᠬᠡᠰᠡᠭ︶      ︽ᠪᠢᠴᠢᠭ ᠤᠨ ᠰᠤᠷᠪᠤᠯᠵᠢᠲᠤ ᠦᠪᠦᠷ ᠮᠤᠩᠭᠤᠯ᠂  ᠶᠠᠳᠠᠭᠤ ᠠᠴᠠ ᠠᠩᠭᠢᠵᠢᠷᠠᠨ ᠴᠢᠨᠡᠭᠡᠯᠢᠭᠵᠢᠶ᠎ᠡ  ︾ 2020 ᠤᠨ ᠤ ᠲᠠᠯ᠎ᠠ ᠨᠤᠲᠤᠭ ᠤᠨ  ᠤᠩᠰᠢᠯᠭ᠎ᠠ ᠶᠢᠨ ᠤᠯᠠᠷᠢᠯ ᠤᠨ ᠰᠠᠶᠢᠬᠠᠨ ᠲᠤᠬᠢᠶᠠᠯ ᠢᠶᠠᠷ ᠡᠷᠢᠶᠡᠨ ᠬᠤᠳᠠ  ᠶᠢᠨ ᠦᠨᠳᠦᠰᠦᠳᠡᠨ ᠤ ᠬᠡᠷᠡᠭ ᠡᠷᠬᠢᠨᠯᠬᠦ ᠵᠥᠪᠯᠡᠯ ᠠᠴᠠ ᠬᠤᠳᠠ ᠶᠢᠨ ᠡᠯ᠎ᠡ ᠳᠤᠮᠳᠠᠳᠤ ᠪᠠᠭ᠎ᠠ ᠰᠤᠷᠭᠠᠭᠤᠯᠢ ᠪᠠ ᠶᠡᠭᠡ ᠰᠤᠷᠭᠠᠭᠤᠯᠢ ᠳᠤ ᠲᠤᠰᠪᠤᠷᠢ4000 ᠲᠥᠭᠦᠷᠢᠭ ᠤᠨ ᠦᠷᠲᠡᠭ ᠲᠠᠢ ᠨᠤᠮ  ᠬᠠᠨᠳᠢᠪᠯᠠᠵᠠᠢ᠃ ᠮᠥᠨᠴᠦ ᠤᠶᠠᠩᠭ᠎ᠠ ᠰᠢᠯᠦᠭ ᠢᠶᠠᠨ ᠡᠷᠭᠦᠭᠰᠡᠨ12 ᠰᠤᠷᠤᠭᠴᠢ ᠳᠤ  ᠨᠤᠮ ᠲᠡᠪᠳᠡᠷ ᠪᠡᠯᠡᠭᠯᠡᠵᠦ᠂ ᠨᠤᠮ  ᠪᠢᠴᠢᠭ ᠰᠤᠷᠤᠭᠴᠢ ᠬᠡᠤᠬᠡᠳ  ᠪᠤᠯᠭᠠᠨ ᠤ ᠰᠤᠷᠤᠯᠭ᠎ᠠ‌ᠠᠶᠠᠨ ᠤ ᠵᠠᠮ ᠳᠤ  ᠲᠤᠲᠤᠨᠤ  ᠨᠥᠬᠦᠷ ᠪᠤᠯᠵᠤ᠂  ᠠᠮᠢᠳᠤᠷᠠᠯ ᠲᠤᠷᠰᠢ ᠳᠤᠨᠢ ᠮᠡᠷᠭᠡᠨ ᠪᠠᠭᠰᠢ ᠪᠤᠯᠠᠬᠤ---ᠨᠤᠮ  ᠪᠢᠴᠢᠭ ᠲᠠᠢ ᠪᠠᠨ ᠬᠠᠨᠢᠯᠠᠵᠤ ᠶᠠᠪᠤᠬᠤ ᠶᠢᠨ ᠰᠠᠶᠢᠬᠠᠨ ᠵᠥᠩᠨᠡᠯ ᠲᠡᠪᠰᠢᠭᠦᠯᠵᠡᠢ᠃ ᠰᠤᠷᠪᠤᠯᠵᠢᠯᠠᠭ᠎ᠠ᠄ ᠡᠷᠢᠶᠡᠨ ᠬᠤᠳᠠ ᠶᠢᠨ ᠦᠨᠳᠦᠰᠦᠳᠡᠨ ᠤ ᠬᠡᠷᠡᠭ ᠡᠷᠬᠢᠯᠡᠬᠦ ᠵᠥᠪᠯᠡᠯ ᠤᠨ ᠡᠷᠬᠢᠯᠡᠭᠴᠢ ᠮᠥᠩᠬᠡ᠄  ᠤᠨᠴᠠᠭᠠᠶᠢᠯᠠᠨ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠲᠤ ᠬᠠᠨᠳᠤᠭᠤᠯᠵᠤ ᠢᠩᠬᠢᠵᠦ ᠬᠢᠵᠦ ᠪᠠᠶᠢᠭ᠎ᠠ ᠨᠢ ᠬᠡᠤᠬᠡᠳ ᠤᠳ ᠢ ᠮᠠᠨ ᠤ ᠵᠠᠯᠠᠭᠤᠴᠤᠤᠨ ᠪᠠᠭᠠᠴᠤᠤᠨ ᠢᠶᠠᠨ ᠬᠠᠷᠠᠬᠠᠨ ᠪᠠᠭ᠎ᠠ ᠠᠴᠠ ᠨᠢ‌ᠨᠤᠮ  ᠳᠤ ᠬᠠᠶᠢᠷᠠᠲᠠᠢ᠂ ᠨᠤᠮ  ᠤᠩᠰᠢᠬᠤ ᠲᠤᠷᠠᠲᠠᠢ ᠡᠶᠢᠮᠦ ᠨᠢᠭᠡ ᠰᠠᠶᠢᠨ ᠰᠠᠶᠢᠬᠠᠨ ᠬᠡᠪ ᠰᠤᠷᠲᠠᠯ ᠲᠠᠢ ᠪᠤᠯᠭᠠᠵᠤ ᠪᠤᠶᠢᠵᠢᠭᠤᠯᠬᠤ ᠶᠢᠨ ᠲᠥᠯᠦᠭᠡ᠂  ᠶᠡᠷᠦ ᠨᠢ ᠬᠦᠮᠦᠰ ᠮᠡᠳᠡᠯᠭᠡ ᠶᠢ ᠴᠤᠭᠯᠠᠭᠤᠯᠬᠤ᠂ ᠬᠤᠷᠠᠮᠳᠤᠭᠤᠯᠬᠤ ᠳᠤ ᠪᠤᠯ  ᠵᠥᠪᠬᠡᠨ ᠬᠢᠴᠢᠶᠡᠯ ᠤᠨ ᠲᠢᠩᠬᠢᠮ᠂  ᠰᠤᠷᠤᠭᠴᠢ ᠶᠢᠨ ᠠᠮᠢᠳᠤᠷᠠᠯ ᠤᠨ ᠳᠤᠮᠳᠠ ᠠᠴᠠ ᠤᠯᠬᠤ ᠪᠢᠰᠢ᠂   ᠨᠡᠩ ᠴᠢᠨᠠᠭᠰᠢᠯᠠᠨ ᠨᠢᠭᠡ ᠨᠠᠰᠤᠨ ᠲᠤᠷᠰᠢᠳᠠ ᠨᠤᠮ  ᠤᠩᠰᠢᠵᠤ ᠨᠤᠮ  ᠪᠢᠴᠢᠭ ᠠᠴᠠ ᠤᠯᠵᠦ ᠠᠪᠳᠠᠭ᠂ ᠤᠯᠵᠦ ᠬᠦᠷᠳᠡᠳᠡᠭ ᠡᠶᠢᠮᠦ ᠮᠡᠳᠡᠯᠭᠡ᠂  ᠨᠡᠩ ᠰᠠᠶᠢᠬᠠᠨ   ᠢᠶᠠᠷ ᠬᠡᠯᠡᠪᠡᠯ ᠤᠶᠤᠨ ᠤ ᠰᠢᠮ᠎ᠡ ᠬᠦᠷᠲᠡᠭᠡᠯ ᠢ ᠪᠦᠷ  ᠨᠤᠮ  ᠪᠢᠴᠢᠭ ᠠᠴᠠ ᠤᠯᠳᠠᠭ ᠪᠠᠶᠢᠨ᠎ᠠ᠃       ᠠᠵᠢᠯᠯᠠᠭᠠᠨ ᠤ ᠳᠠᠷᠠᠭ᠎ᠠ᠂  ᠬᠤᠳᠠ ᠶᠢᠨ ᠦᠨᠳᠦᠰᠦᠳᠡᠨ ᠤ ᠬᠡᠷᠡᠭ ᠡᠷᠬᠢᠨᠯᠬᠦ ᠵᠥᠪᠯᠡᠯ ᠤᠨ ᠡᠷᠬᠢᠯᠡᠭᠴᠢ ᠮᠥᠩᠬᠡ ᠬᠤᠳᠠ ᠶᠢᠨ ᠮᠤᠩᠭᠤᠯ  ᠦᠨᠳᠦᠰᠦᠳᠡᠨ ᠤ ᠲᠥᠷᠪᠡᠨ ᠰᠤᠷᠤᠭᠴᠢ ᠲᠠᠢ ᠬᠠᠮᠲᠤ ᠰᠤᠷᠭᠠᠭᠤᠯᠢ ᠵᠢᠨ‌ᠨᠤᠮ  ᠤ ᠪᠤᠯᠤᠩ ᠳᠤ ᠬᠦᠷᠴᠦ ᠨᠤᠮ  ᠤᠩᠰᠢᠨ ᠮᠡᠳᠡᠯᠭᠡ ᠬᠤᠷᠠᠮᠳᠤᠭᠤᠯᠬᠤ ᠲᠤᠬᠠᠢ ᠳᠤ ᠦᠪᠡᠷ ᠤᠨ ᠰᠤᠷᠤᠭᠴᠢ ᠦᠶ᠎ᠡ ᠶᠢᠨ ᠲᠤᠷᠰᠢᠯᠭ᠎ᠠ ᠰᠤᠷᠭᠠᠮᠵᠢ ᠢᠶᠠᠨ ᠬᠤᠪᠢᠶᠠᠯᠴᠠᠨ᠂ ᠨᠤᠮ  ᠪᠢᠴᠢᠭ ᠢᠯᠡᠭᠦᠬᠡᠨ ᠤᠩᠰᠢᠬᠤ ᠶᠢᠨ ᠪᠠᠶᠠᠷ ᠵᠢᠠᠷᠭᠠᠯ ᠢᠶᠠᠨ ᠬᠤᠪᠢᠶᠠᠯᠴᠠᠵᠤ᠂  ᠬᠡᠤᠬᠡᠳ ᠤᠳ ᠢ ᠨᠤᠮ  ᠤᠩᠰᠢᠬᠤ ᠤᠷᠮ᠎ᠠ ᠪᠠᠬ᠎ᠠ ᠲᠠᠢ ᠪᠤᠯᠠᠬᠤ ᠲᠡᠰᠢ ᠬᠦᠲᠦᠯᠵᠡᠢ᠃ ᠰᠤᠷᠪᠤᠯᠵᠢᠯᠠᠭ᠎ᠠ᠄ ᠡᠷᠢᠶᠡᠨ ᠬᠤᠳᠠ ᠶᠢᠨ ᠦᠨᠳᠦᠰᠦᠳᠡᠨ ᠤ ᠬᠡᠷᠡᠭ ᠡᠷᠬᠢᠯᠡᠬᠦ ᠵᠥᠪᠯᠡᠯ ᠤᠨ ᠡᠷᠬᠢᠯᠡᠭᠴᠢ ᠮᠥᠩᠬᠡ᠄ ᠲᠡᠭᠡᠪᠡᠯ ᠠᠳᠡ ᠪᠢᠳᠡ ᠵᠠᠯᠠᠭᠤᠴᠤᠤᠨ ᠪᠠᠭᠠᠴᠤᠤᠯ ᠬᠡᠤᠬᠡᠳ ᠤᠳ ᠲᠡᠭᠡᠨ ᠬᠦᠰᠡᠬᠦ ᠨᠢ‌ᠨᠤᠮ ᠤᠩᠰᠢᠬᠤ ᠰᠠᠶᠢᠬᠠᠨ ᠲᠠᠳᠬᠠᠯ ᠲᠠᠢ ᠪᠤᠯᠤᠭᠠᠷᠠᠢ᠃ ᠨᠤᠮ  ᠮᠡᠳᠡᠯᠭᠡ ᠠᠴᠠ ᠰᠢᠮ᠎ᠡ ᠲᠡᠵᠢᠭᠡᠯ ᠬᠦᠷᠲᠡᠭᠡᠷᠡᠢ᠃ ᠬᠦᠮᠦᠨ ᠪᠤᠯᠠᠬᠤ ᠶᠢᠨ ᠶᠠᠪᠤᠴᠠ ᠳᠤ ᠨᠤᠮ ᠭᠡᠰᠡᠨ ᠡᠨᠡ ᠰᠠᠶᠢᠬᠠᠨ ᠱᠠᠳᠤ ᠪᠠᠷ ᠠᠯᠬᠤᠮ ᠠᠯᠬᠤᠮ ᠲᠠᠪᠰᠢᠵᠤ ᠠᠮᠵᠢᠯᠲᠠ ᠳᠤ ᠬᠦᠷᠦᠭᠡᠷᠡᠢ ᠭᠡᠵᠡᠦ ᠬᠡᠯᠡᠮᠡᠷ ᠪᠠᠶᠢᠨ᠎ᠠ᠃     ︿︿ᠮᠤᠩᠬᠠᠭ ᠤᠨ ᠴᠦᠯ ᠢ ᠮᠤᠷᠢ   ᠪᠠᠷ ᠪᠢᠰᠢ‌ᠨᠤᠮ ᠢᠶᠠᠷ ᠲᠤᠭᠤᠯᠳᠠᠭ᠂﹀﹀ ᠭᠡᠳᠡᠭ ᠵᠢᠠᠷ‌ᠨᠤᠮ ᠪᠢᠴᠢᠭ ᠲᠠᠢ ᠨᠥᠷᠬᠦᠷᠯᠡᠨ ᠬᠠᠨᠢᠯᠠᠵᠤ ᠪᠢᠠᠳᠠᠭ ᠬᠡᠤᠬᠡᠳ ᠤᠳ ᠨᠠᠶᠢᠵᠠ ᠨᠥᠬᠦᠳ ᠲᠠᠢ ᠪᠠᠨ‌ᠨᠤᠮ ᠰᠤᠳᠤᠷ ᠤᠨ ᠰᠢᠮ᠎ᠡ ᠶᠢ ᠬᠤᠪᠢᠶᠠᠯᠴᠠᠨ ᠪᠠᠶᠠᠰᠤᠯᠳᠤᠳᠠᠭ ᠪᠠᠶᠢᠨ᠎ᠠ᠃ ︵ᠨᠤᠮ‌ᠤᠩᠰᠢᠭᠰᠠᠨ ᠲᠥᠷᠦᠭᠳᠡᠯ ᠢᠶᠠᠨ ᠬᠤᠪᠢᠶᠠᠯᠴᠠᠭᠰᠠᠨ︶ᠰᠤᠷᠪᠤᠯᠵᠢᠯᠠᠭ᠎ᠠ᠄ ᠬᠤᠳᠠ ᠶᠢᠨ ᠮᠤᠩᠭᠤᠯ ᠳᠤᠮᠳᠠᠳᠤ ᠰᠤᠷᠭᠠᠭᠤᠯᠢ ᠶᠢᠨ ᠠᠩᠬ᠎ᠠ ᠭᠤᠷᠪᠠ ᠶᠢᠨ ᠰᠤᠷᠤᠭᠴᠢ᠄ ᠭᠠᠩᠵᠤᠯᠠ᠄  ᠮᠢᠨᠦ ᠬᠤᠪᠢ ᠪᠡᠶ᠎ᠡ ᠶᠢᠨ ᠬᠤᠪᠢ ᠳᠤ ᠪᠤᠯ ᠨᠤᠮ ᠤᠩᠰᠢᠬᠤ ᠪᠤᠯ  ᠮᠠᠰᠢ ᠬᠦᠮᠦᠨ ᠢ ᠲᠠᠷᠢᠬᠢ ᠰᠡᠷᠭᠦᠭᠡᠳᠡᠭ᠂  ᠡᠷᠲᠡᠨ ᠤ ᠦᠭᠡᠨ ᠳᠤ ᠶᠠᠷᠢᠳᠠᠭ ᠰᠢᠳᠡ᠂ ᠨᠠᠷᠠ ᠮᠠᠨᠳᠤᠬᠤ ᠪᠠᠷ ᠪᠠᠶᠢᠭᠠᠯᠢ ᠰᠡᠷᠭᠦᠳᠡᠭ᠂ ᠨᠤᠮ  ᠤᠩᠰᠢᠬᠤ ᠪᠠᠷ ᠲᠠᠷᠢᠬᠢ ᠰᠡᠷᠭᠦᠳᠡᠭ᠂ ᠲᠡᠭᠡᠭᠡᠳ ᠪᠢ ᠪᠤᠯ   ᠠᠩ ᠤᠨ ᠴᠠᠭ ᠲᠠᠭᠠᠨ ᠮᠤᠩᠭᠤᠯ ᠨᠤᠮ ᠢᠯᠡᠭᠦᠦ ᠤᠩᠰᠢᠳᠠᠭ᠃       ︿︿4.23﹀﹀ ᠤ ᠲᠡᠯᠡᠬᠡᠢ ᠵᠢᠨ‌ᠨᠤᠮ ᠤᠩᠰᠢᠬᠤ ᠡᠳᠦᠷ ᠢ ᠲᠡᠯᠡᠬᠡᠢ ᠵᠢᠨ‌ᠨᠤᠮ ᠪᠢᠴᠢᠭ ᠪᠠ ᠬᠡᠪᠯᠡᠯ ᠤᠨ ᠡᠷᠬᠡ ᠶᠢᠨ ᠡᠳᠦᠷ ᠭᠡᠳᠡᠭ᠃1995 ᠤᠨ ᠳᠤ 4 ᠳ᠋ᠦ᠋ᠭᠡᠷ ᠰᠠᠷ᠎ᠠ ᠶᠢᠨ23 ᠤ ᠡᠳᠦᠷ ᠢ ︿︿ᠲᠡᠯᠡᠬᠡᠢ ᠵᠢᠨ‌ᠨᠤᠮ ᠤᠩᠰᠢᠯᠭ᠎ᠠ ᠶᠢᠨ ᠡᠳᠦᠷ﹀﹀ ᠬᠡᠮᠡᠨ ᠲᠤᠩᠬᠠᠭᠯᠠᠵᠤ᠂ ᠨᠡᠩ ᠤᠯᠠᠨ ᠬᠦᠮᠦᠰ ᠲᠤ ᠨᠤᠮ ᠤᠩᠰᠢᠬᠤ ᠪᠠ ᠡᠷᠳᠡᠮ ᠮᠡᠳᠡᠯᠭᠡ ᠪᠠᠷ ᠤᠶᠤᠨ ᠤᠠᠬᠠᠭᠠᠨ ᠢᠶᠠᠨ ᠵᠡᠪᠰᠡᠭᠯᠡᠬᠦ ᠶᠢ ᠵᠤᠷᠢᠭᠰᠠᠨ ᠡᠨᠡᠬᠦ ᠠᠵᠢᠯᠯᠠᠭ᠎ᠠ ᠲᠡᠯᠡᠬᠡᠢ ᠶᠢᠨ ᠤᠯᠠᠨ ᠤᠯᠤᠰ ᠤᠷᠤᠨ ᠵᠢᠯ  ᠪᠤᠯᠭᠠᠨ ᠲᠡᠮᠳᠡᠭᠯᠡᠭᠰᠡᠭᠡᠷ ᠢᠷᠡᠭᠰᠡᠨ ᠪᠠᠶᠢᠨ᠎ᠠ᠃      ᠤᠩᠰᠢᠵᠤ ᠰᠠᠭᠤᠬᠤ ᠳ᠋ᠤ᠋‌ᠨᠤᠮ ᠰᠢᠬᠠᠨ ᠠᠭᠤᠯᠵᠠᠵᠤ ᠶᠠᠪᠤᠬᠤ ᠳᠤ ᠨᠥᠬᠦᠷ ᠰᠠᠶᠢᠬᠠᠨ᠂  ᠶᠢᠷᠳᠢᠨᠴᠦ ᠶᠢ ᠬᠠᠷᠠᠬᠤ ᠴᠤᠩᠬᠤ ᠪᠤᠯ ᠨᠤᠮ  ᠪᠠᠶᠢᠳᠠᠭ ᠶᠤᠮ᠃  ᠲᠡᠯᠡᠬᠡᠢ ᠶᠢᠷᠳᠢᠨᠴᠦ ᠶᠢ ᠬᠠᠷᠠᠬᠤ ᠤᠯᠠᠮ ᠠᠴᠠ ᠪᠢᠳᠡ‌ᠨᠤᠮ ᠤᠩᠰᠢᠬᠤ ᠤᠴᠢᠷᠲᠠᠢ᠃ ᠨᠤᠮ  ᠪᠤᠯ  ᠬᠦᠮᠦᠨ ᠤ ᠤᠶᠤᠨ ᠤᠬᠠᠭᠠᠨ ᠢ ᠲᠡᠯᠡᠵᠦ᠂  ᠠᠮᠢᠳᠤᠷᠠᠬᠤᠢ ᠶᠢᠨ ᠤᠬᠠᠭᠠᠨ ᠢ ᠰᠡᠯᠪᠢᠳᠡᠭ ᠪᠤᠯᠬᠤᠷ ᠨᠤᠮ  ᠪᠢᠴᠢᠭ ᠪᠤᠯ   ᠤᠶᠤᠨ ᠤ ᠭᠡᠭᠡᠪᠴᠢ᠂  ᠶᠢᠷᠳᠢᠨᠴᠦ ᠶᠢ ᠬᠠᠷᠠᠬᠤ ᠴᠤᠩᠬᠤ ᠭᠡᠵᠦ ᠬᠡᠯᠡᠲᠡᠭ ᠡᠶᠢᠮᠦ ᠠᠴᠠ ᠤᠯᠠᠨ ᠢᠶᠠᠷ ᠢᠶᠠᠨ ᠰᠤᠶᠤᠯᠵᠢᠨ ᠭᠡᠭᠡᠷᠡᠵᠦ ᠨᠤᠮ ᠶᠢᠨ ᠴᠠᠭᠠᠨ ᠪᠤᠶᠠᠨ ᠢ ᠳᠡᠯᠭᠡᠷᠡᠭᠦᠯᠦᠶ᠎ᠡ ᠲᠡᠭᠦᠰᠭᠡᠯ ᠤᠨ ᠦᠭᠡ᠄     ᠨᠤᠮ‌ᠤᠩᠰᠢᠬᠤ ᠡᠳᠦᠷᠯᠢᠭ ᠤᠨ ᠠᠵᠢᠯᠯᠠᠭ᠎ᠠ ᠵᠢᠯ ᠪᠤᠯᠭᠠᠨ  ᠨᠢᠭᠡ ᠤᠳᠠᠭ᠎ᠠ ᠶᠠᠪᠤᠭᠳᠠᠵᠤ ᠤᠯᠠᠨ ᠬᠦᠮᠦᠨ ᠡᠨᠡ ᠰᠠᠶᠢᠬᠠᠨ ᠡᠳᠦᠷ ᠢ‌ᠨᠤᠮ  ᠤᠩᠰᠢᠵᠤ  ᠦᠩᠭᠡᠷᠡᠭᠦᠯᠳᠡᠭ ᠪᠠᠶᠢᠨ᠎ᠠ᠃  ᠲᠡᠭᠡᠪᠡᠯ ᠮᠥᠨᠴᠦ ᠡᠨᠡ ᠰᠠᠶᠢᠬᠠᠨ ᠲᠠᠳᠬᠠᠯ  ᠢᠶᠠᠨ ᠡᠳᠦᠷ ᠪᠤᠯᠭᠠᠨ ᠪᠠᠷᠢᠮᠲᠠᠯᠠᠵᠤ᠂  ᠡᠳᠦᠷ ᠪᠤᠯᠭᠠᠨ‌ᠨᠤᠮ ᠪᠢᠴᠢᠭ ᠲᠠᠢ ᠨᠥᠬᠦᠷᠯᠡᠬᠦ ᠶᠢᠨ ᠨᠠᠨᠳᠢᠨ ᠰᠠᠶᠢᠬᠠᠨ ᠬᠡᠪᠰᠢᠯ ᠲᠠᠢ ᠪᠤᠯᠵᠤ᠂ ᠨᠤᠮ   ᠲᠠᠢ ᠬᠠᠨᠢᠯᠠᠨ ᠡᠷᠳᠡᠮ ᠮᠡᠳᠡᠯᠭᠡ ᠪᠠᠷ ᠤᠶᠤᠨ ᠤᠬᠠᠭᠠᠨ ᠢᠶᠠᠨ ᠵᠡᠪᠰᠡᠭᠯᠡᠶ᠎ᠡ᠃ᠡᠷᠢᠶᠡᠨ ᠬᠤᠳᠠ ᠶᠢᠨ ᠲᠧᠯᠸᠢᠰ ᠬᠤᠷᠢᠶᠠᠨ ᠤ ᠰᠤᠷᠪᠤᠯᠵᠢᠯᠠᠭᠴᠢ ᠰᠤᠯᠤᠩᠭᠤᠸ᠎ᠡ  ᠡᠷᠳᠡᠨᠢᠪᠤᠯᠠᠭ ᠮᠡᠳᠡᠭᠡᠯᠡᠪᠡ  ᠃
 
ᠢᠷᠡᠯᠲᠡ᠄ ᠡᠷᠢᠶᠡᠨ ᠬᠤᠳᠠ ᠶᠢᠨ ᠲᠧᠯᠸᠢᠰ ᠬᠤᠷᠢᠶ᠎ᠠ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号