ᠰᠢᠨ᠎ᠡ ᠮᠢᠩᠭᠠᠨ ᠤ ᠤᠶᠤᠳᠠᠨ ᠮᠠᠯᠴᠢᠨ | ᠰᠢᠨ᠎ᠡ ᠬᠥᠳᠡᠭᠡ ᠶᠢᠨ ᠴᠢᠨᠡᠭᠡᠯᠢᠭ ᠠᠮᠢᠳᠤᠷᠠᠯ | | ᠡᠷᠢᠶᠡᠨ ᠬᠤᠳᠠ ᠶᠢᠨ ᠲᠧᠯᠸᠢᠰ ᠬᠤᠷᠢᠶ᠎ᠡ ᠲᠠᠨ᠎ᠠ ᠪᠤᠯᠠᠭ | | ᠤᠳᠣᠷᠢᠳᠬᠠᠯ ᠄ ᠤᠶᠠᠨᠨᠠᠷᠠ ᠢᠯᠴᠢ ᠡᠨᠧᠷᠭᠢ ᠪᠠᠷ ᠢᠶᠠᠨ ᠡᠬᠡ ᠲᠡᠯᠡᠬᠡᠢ ᠶᠢ ᠬᠡᠶᠢᠬᠦᠯᠬᠦ ᠳᠤ ᠤᠷᠢᠨ ᠲᠤᠯᠠᠭᠠᠨ | ᠠᠭᠤᠷ ᠠᠮᠢᠰᠬᠤᠯ ᠬᠦᠮᠦᠨ ᠠᠷᠠᠳ ᠤᠨ ᠰᠡᠳᠬᠢᠯ ᠢ ᠪᠠᠶᠠᠰᠬᠠᠨ᠎ᠠ᠃ ᠬᠤᠯᠠᠨ ᠰᠢᠷᠭ᠎ᠠ ᠲᠠᠭ᠎ᠠ ᠶᠢᠨ ᠡᠯᠡᠰᠤᠨ ᠤ | ᠡᠬᠢ ᠪᠤᠯᠤᠭᠰᠠᠨ ᠬᠦᠬᠡᠪᠦᠷ ᠢᠶᠠᠷ ᠰᠠᠭᠤᠷᠢᠰᠢᠭᠰᠠᠨ ᠭᠡᠷᠡᠯᠳᠤᠡᠤᠳᠤ ᠰᠤᠮᠤᠨ ᠤ ᠲᠣᠯᠢ ᠭᠠᠴᠠᠭᠠᠨ ᠤ ᠤᠶᠤᠳᠠᠨ | ᠮᠠᠯᠴᠢᠨ ᠬᠡᠶᠢᠮᠦᠷᠢ ᠲᠠᠪᠤᠨ ᠬᠤᠰᠢᠭᠤ ᠮᠠᠯ ᠢᠶᠠᠨ ᠥᠨᠢᠷ ᠰᠠᠶᠢᠬᠠᠨ ᠮᠠᠯᠵᠢᠵᠦ ᠪᠠᠶᠢᠬᠤ ᠪᠠᠷ ᠪᠠᠷᠠᠬᠤ ᠦᠬᠡᠢᠢᠩᠭᠡᠨ | ᠰᠦ ᠬᠤᠭᠤᠷᠮᠠᠭ ᠪᠡᠨᠪᠤᠷᠤᠯᠠᠭᠤᠯᠤᠨ ᠠᠰᠢᠭ ᠣᠯᠵᠠ ᠪᠠᠨ ᠨᠡᠮᠡᠭᠳᠡᠬᠦᠯᠦᠨ ᠠᠵᠢᠯ ᠠᠮᠢᠳᠤᠷᠠᠯ ᠢᠶᠠᠨ ᠦᠬᠡᠳᠡ ᠲᠠᠢ | ᠦᠩᠭᠡᠳᠡᠢ ᠠᠪᠴᠦ ᠶᠠᠪᠤᠨ᠎ᠠ᠃ | ᠲᠠᠶᠢᠯᠪᠤᠷᠢ᠄ ᠬᠡᠶᠢᠮᠦᠷᠢ ᠶᠢᠨ ᠳᠤ ᠬᠦᠷᠬᠦ ᠳᠤ ᠲᠡᠷᠡ ᠠᠪᠤ ᠡᠵᠢ ᠲᠠᠢ ᠪᠠᠨ ᠢᠩᠭᠡ ᠪᠠᠨ ᠢᠪᠢᠯᠡᠬᠦᠯᠦᠨ ᠰᠠᠭᠠᠵᠤ | ᠪᠠᠶᠢᠯ᠎ᠠ᠃ᠢᠩᠭᠡ ᠰᠠᠭᠠᠬᠤ ᠬᠡᠵᠦ ᠰᠡᠳᠬᠢᠯ ᠤᠷ᠎ᠡ ᠳᠡᠮ ᠤᠨ ᠠᠵᠢᠯ ᠶᠤᠮ᠃ | ᠰᠤᠷᠪᠤᠯᠵᠢᠯᠠᠭ᠎ᠠ ᠄ᠤᠶᠤᠳᠠᠨ ᠮᠠᠯᠴᠢᠨ ᠬᠡᠶᠢᠮᠦᠷᠢ ︵ᠦᠬᠡᠷ ᠠᠳᠤᠭᠤ ᠲᠠᠢ ᠨᠤᠴᠤᠯᠳᠤᠬᠤ ᠬᠡᠴᠡᠬᠦᠦ᠂ ᠢᠯᠡᠬᠦᠦ | ᠲᠡᠰᠪᠦᠷᠢ ᠱᠠᠭᠠᠷᠳᠠᠭᠳᠠᠨ᠎ᠠ᠂ ᠢᠩᠭᠡ ᠭᠡᠵᠦ ᠠᠮᠠᠷᠬᠠᠨ ᠢᠪᠢᠯᠳᠡᠭ ᠶᠢᠨ ᠪᠢᠰᠢ᠂ ᠵᠠᠷᠢᠮ ᠳᠠᠭᠠᠨ ᠢᠪᠢᠯᠬᠦ ᠲᠤᠷ᠎ᠡ | ᠦᠬᠡᠢ ᠨᠢ ᠬᠦᠷᠪᠡᠯ ᠨᠢᠭᠡ ᠲᠤᠰᠤᠯ ᠰᠥ ᠴᠦ ᠭᠠᠷᠳᠠᠭ ᠦᠬᠡᠢ᠂ ᠲᠡᠭᠡᠭᠡᠳ ᠰᠠᠶ᠋ᠢ ᠮᠡᠳᠡᠭᠰᠡᠨ ᠡ᠂ ᠤᠤᠯ ᠨᠢ | ᠬᠦᠮᠦᠰ ᠶᠠᠷᠢᠳᠠᠭ᠂ ᠶᠠ᠂ ᠢᠩᠭᠡ ᠰᠠᠭᠠᠬᠤ ᠬᠡᠴᠡᠬᠦᠦ ᠭᠡᠳᠡᠭ᠂ ᠦᠪᠡᠷ ᠢᠶᠠᠨ ᠬᠢᠭᠡᠳ ᠮᠡᠳᠡᠭᠰᠡᠨ ᠡ᠂ ᠤᠷᠵᠢᠨᠤᠨ | ᠰᠠᠭᠠᠵᠤ ᠪᠠᠶᠢᠭᠰᠠᠨ ᠢᠩᠭᠡ ᠨᠦᠭᠦᠳ ᠣᠳᠤ ᠥᠨᠦ ᠵᠢᠯ5 —7 ᠬᠤᠨᠤᠭ ᠤᠷᠤᠯᠳᠤᠵᠤ ᠪᠠᠶᠢᠭᠠᠳ ᠵᠠᠮ ᠳᠠᠭᠠᠨ | ᠤᠷᠤᠭᠰᠠᠨ ᠡ ︶ | ᠡᠳᠡᠨᠡᠶᠢᠬᠢᠨ ᠲᠡᠭᠡᠳᠦᠰ ᠠᠴᠠ ᠪᠠᠨ ᠨᠡᠷᠡᠳᠡᠢ ᠲᠡᠮᠡᠭᠡᠴᠢᠨ ᠠᠶᠢᠯ ᠪᠠᠶᠢᠭᠰᠠᠨ ᠶᠤᠮ᠂ ᠤᠳᠣ ᠵᠠᠭᠤ ᠭᠠᠷᠦᠢ ᠲᠡᠮᠡᠭᠡ | ᠲᠠᠢ᠂ ᠲᠡᠮᠡᠬᠡᠨ ᠤ ᠪᠠᠨ ᠠᠰᠢᠭ ᠰᠢᠮ᠎ᠡ ᠶᠢ ᠨᠡᠩ ᠰᠠᠶᠢᠨ ᠠᠰᠢᠭᠯᠠᠬᠤ ᠶᠢᠨ ᠲᠦᠯᠦᠬᠡᠭᠤᠷᠪᠡᠨ ᠵᠢᠯ ᠤᠨ ᠡᠮᠦᠨ᠎ᠡ | ᠡᠷᠢᠶᠡᠨ ᠬᠤᠳᠠ ᠶᠢᠨ ︽ᠬᠠᠩᠭᠠᠢ ᠰᠥᠨᠢᠳ ᠲᠡᠮᠡᠬᠡᠨ ᠤ ᠰᠤᠶᠤᠯ ᠤᠨ ᠬᠤᠷᠰᠢᠵᠢᠶᠠᠯ︾ ᠳᠤ ᠤᠷᠤᠵᠦ᠂ | ᠪᠤᠳᠤᠭᠤᠯᠠᠭᠰᠠᠨᠢᠩᠭᠡ ᠪᠡᠨᠵᠢᠯ ᠳᠤ 30ᠲᠦᠬᠦᠷᠢᠭ ᠢᠶᠠᠷ | ᠬᠤᠷᠰᠢᠶᠠᠵᠢᠯ ᠳ᠋ᠠᠭᠠᠨᠲ᠋ᠦ᠋ᠷᠢᠶᠡᠰᠦᠯᠡᠬᠦᠯᠦᠨᠤᠷᠤᠯᠭᠠ ᠪᠠᠨᠨᠡᠮᠡᠭᠳᠡᠬᠦᠯᠵᠦ ᠪᠠᠶᠢᠭᠰᠠᠨ ᠶᠤᠮ᠂ ᠲᠠᠷᠠᠭ᠎ᠠ | ᠨᠢᠬᠤᠷᠰᠢᠶᠠᠵᠢᠯ ᠤᠨ ᠲᠡᠮᠵᠢᠯᠬᠡ ᠪᠡᠷᠮᠤᠩᠭᠤᠯ ᠣᠯᠤᠰ ᠲᠤ ᠲᠤᠰᠬᠠᠢ ᠤᠴᠢᠵᠦ ᠢᠩᠭᠡ ᠰᠠᠭᠠᠵᠤ | ᠰᠤᠷᠤᠭᠰᠠᠨ ᠢᠶᠠᠷ ᠪᠠᠷᠠᠬᠤ ᠦᠬᠡᠢ ᠪᠠᠰᠠ ᠮᠤᠩᠭᠤᠯ ᠣᠯᠤᠰ ᠠᠴᠠ ᠲᠤᠷᠰᠢᠯᠭ᠎ᠠ ᠲᠠᠢ ᠮᠠᠯᠴᠢᠨ ᠵᠠᠯᠠᠵᠤ ᠢᠩᠭᠡ ᠪᠠᠨ | ᠨᠤᠮᠠᠳᠬᠠᠨ ᠰᠠᠭᠠᠵᠤ ᠰᠤᠷᠭᠠᠵᠠᠢ᠃ ᠢᠭᠬᠢᠭᠡᠳ ᠦᠪᠡᠷ ᠢᠶᠠᠨ ᠢᠩᠭᠡᠨ ᠰᠦ᠂ ᠬᠤᠭᠤᠷᠮᠠᠭ ᠪᠤᠷᠤᠯᠠᠭᠤᠯᠤᠨ | ᠵᠢᠯ ᠳᠤ ᠲᠥᠷᠪᠡ ᠲᠠᠪᠤᠨ ᠲᠥᠮᠡᠨ ᠲᠦᠬᠦᠷᠢᠭ ᠤᠨ ᠴᠡᠪᠡᠷ ᠤᠷᠤᠯᠭ᠎ᠠ ᠣᠯᠳᠠᠭ ᠪᠤᠯᠵᠠᠢ᠃ | ᠰᠤᠷᠪᠤᠯᠵᠢᠯᠠᠭ᠎ᠠ᠄ ᠤᠶᠤᠳᠠᠨ ᠮᠠᠯᠴᠢᠨ ᠬᠡᠶᠢᠮᠦᠷᠢ ︵2017ᠣᠨ ᠳᠤ ᠬᠠᠩᠭᠠᠢ ᠰᠤᠶᠤᠯ ᠤᠨ ᠲᠡᠮᠡᠭᠡᠨ ᠤ | ᠬᠤᠷᠰᠢᠶᠠᠵᠢᠯ ᠠᠴᠠ ᠨᠢᠭᠡ ᠪᠦᠯᠦᠭ ᠰᠠᠭᠠᠯᠢᠭᠴᠢᠳ ᠢ ᠮᠡᠨᠡᠶᠢᠬᠢᠨ ᠳᠤ ᠦᠨ᠎ᠡ ᠲᠦᠯᠦᠪᠦᠷᠢ ᠦᠬᠡᠢ ᠠᠪᠴᠢᠷᠠᠭᠠᠳ | ᠢᠩᠭᠡ ᠮᠠᠯ ᠢ ᠰᠤᠷᠭᠠᠵᠤ ᠦᠭᠬᠦᠭᠰᠡᠨ᠂ ᠤᠣᠯ ᠨᠢ ᠮᠠᠨᠠᠶᠢᠬᠢᠨ ᠤ ᠲᠡᠮᠡᠭᠡ ᠪᠠᠷᠢᠬᠤ ᠶᠢ ᠴᠦ ᠮᠡᠳᠡᠬᠦ ᠦᠬᠡᠢ ᠡᠮᠨᠢᠭ᠂ | ᠬᠦᠮᠦᠨ ᠴᠦ ᠤᠶᠢᠷᠠᠳᠤᠬᠤ ᠦᠬᠡᠢ ᠵᠡᠷᠯᠢᠭ ᠪᠠᠶᠢᠭᠰᠠᠨ ᠡ᠂ ᠲᠡᠭᠡᠭᠡᠳ ᠨᠢᠭᠡ ᠪᠦᠯᠦᠭ ᠰᠠᠭᠠᠯᠢᠴᠢᠳ ᠠᠪᠴᠢᠷᠠᠭᠠᠳ | ᠢᠩᠭᠡ ᠰᠠᠭᠠᠵᠤ ᠰᠤᠷᠭᠠᠭᠰᠠᠨ ᠡ᠂ ᠲᠡᠮᠡᠭᠡ ᠬᠤᠶᠠᠷ ᠵᠢᠯ ᠳᠤ ᠨᠢᠭᠡ ᠪᠤᠳᠤᠭᠤᠯᠤᠨ᠎ᠠ᠂ ᠠᠷᠪᠠᠨ ᠭᠤᠷᠪᠠᠨ ᠰᠠᠷ᠎ᠠ ᠲᠠᠢ | ᠠᠮᠢᠳᠠᠨ ᠶᠤᠮ ᠴᠢᠨᠢ᠂ ᠲᠡᠭᠡᠭᠡᠳ ᠯᠠ ᠶᠡᠷᠦᠨᠢ ᠶᠡᠷᠦᠩᠬᠡᠢ ᠳᠡᠭᠡᠨ ᠤᠯᠠᠩᠬᠢ ᠨᠢ ᠨᠤᠮᠬᠠᠤᠷᠠᠵᠤ ᠡᠬᠢᠯᠡᠭᠰᠡᠨ ᠡ︶ | ᠦᠨᠥ ᠵᠢᠯ ᠬᠢᠵᠢᠭ ᠤᠨ ᠪᠠᠶᠢᠳᠠᠯ ᠳᠤ ᠢᠩᠭᠡᠨ ᠰᠥ ᠂ ᠬᠤᠭᠤᠷᠮᠠᠭ ᠶᠢᠨ ᠪᠤᠷᠤᠯᠠᠭᠤᠯᠭ᠎ᠠ ᠨᠡᠩ ᠰᠠᠶᠢᠨ ᠪᠠᠶᠢᠵᠦ | ᠬᠠᠩᠭᠠᠯᠭ᠎ᠠ ᠨᠢ ᠬᠡᠷᠡᠭᠴᠡᠭᠡ ᠳᠡᠭᠡᠨ ᠬᠦᠷᠬᠦ ᠪᠠᠨ ᠪᠤᠯᠢᠭᠰᠠᠨ ᠪᠠᠶᠢᠨ᠎ᠠ᠃ ᠲᠡᠷᠡ ᠬᠢᠵᠢᠭ ᠤᠨ ᠤᠨᠴᠠᠭᠠᠢ ᠪᠠᠶᠢᠳᠠᠯ ᠳᠤ | ᠵᠤᠬᠢᠴᠠᠭᠤᠯᠤᠨ ᠲᠢᠺ ᠲᠤᠺ᠂ ᠬᠤᠷᠳᠤᠨ ᠭᠠᠷ᠂ ᠸᠢᠴᠠᠲ ᠢ ᠠᠰᠢᠭᠯᠠᠨ ᠪᠤᠷᠣᠯᠠᠭᠤᠯᠭ᠎ᠠ ᠪᠠᠨ ᠨᠡᠮᠡᠭᠳᠡᠬᠦᠯᠵᠦ | ᠬᠡᠷᠡᠭᠯᠡᠭᠴᠢᠳ ᠴᠦ ᠤᠯᠠᠰᠢᠷᠠᠵᠠᠢ᠃ | ᠰᠤᠷᠪᠤᠯᠵᠢᠯᠠᠭ᠎ᠠ᠄ ᠤᠶᠤᠳᠠᠨ ᠮᠠᠯᠴᠢᠨ ᠬᠡᠶᠢᠮᠦᠷᠢ ︽ᠰᠠᠶᠢᠨ ᠪᠠᠶᠢᠨ᠎ᠠ ᠡ᠂ ᠡᠨᠡ ᠨᠢᠭᠡ ᠰᠠᠷ᠎ᠠ300 ᠭᠠᠷᠦᠢ | ᠵᠢᠩ ᠰᠦ ᠰᠠᠭᠠᠭᠠᠭᠰᠠᠨ᠂ ᠬᠠᠮᠤᠭ ᠬᠤᠯᠠ ᠨᠢ ᠹᠦᠵᠢᠶᠠᠨ᠂ ᠪᠡᠬᠡᠵᠢᠩ᠂ ᠤᠶᠢᠷᠠᠬᠠᠨ ᠠᠴᠠ ᠰᠢᠯᠢᠩᠬᠤᠳᠠ᠂ | ᠪᠤᠭᠤᠳᠤ᠂ ᠬᠦᠬᠡᠬᠤᠳᠠ᠃ ᠭᠤᠸᠠᠩᠵᠸᠦ᠂ ᠭᠤᠸᠠᠩᠰᠢ ᠭᠡᠵᠦ ᠪᠦᠷ ᠲᠥᠷᠭᠡᠨ ᠢᠶᠠᠷ ᠶᠠᠪᠤᠭᠤᠯᠵᠤ ᠪᠠᠶᠢᠨ᠎ᠠ᠃ | ᠵᠠᠷᠢᠮ ᠢ ᠨᠢ ᠲᠠᠺᠠᠱᠢ ᠪᠤᠶᠤ ᠠᠶᠠᠨᠴᠢᠨ ᠤ ᠮᠠᠰᠢᠨ ᠢᠶᠠᠷ ᠶᠠᠪᠤᠭᠤᠯᠵᠤ ᠪᠠᠶᠢᠨ᠎ᠠ ︾᠃ | ᠲᠡᠷᠡ ᠪᠠᠰᠠ ᠡᠷᠢᠶᠡᠨ ᠬᠤᠳᠠ ᠶᠢᠨ ᠵᠢᠭᠤᠯᠴᠢᠯᠠᠯ ᠤᠨ ᠬᠥᠭᠵᠢᠶᠡᠨᠳᠡᠢ ᠤᠯᠠᠷᠢᠯ ᠪᠤᠯᠬᠤ ᠪᠠᠷ ᠲᠠᠪᠤ ᠭᠤᠷᠪᠠᠨ | ᠲᠡᠮᠡᠭᠡ ᠪᠠᠨ ᠬᠤᠳᠠ ᠳᠤ ᠠᠪᠴᠢᠷᠠᠨ ᠵᠢᠭᠤᠯᠴᠢᠳ ᠲᠤ ᠤᠨᠤᠭᠤᠯᠤᠨ ᠡᠳᠦᠷ ᠲᠤ ᠭᠤᠷᠪᠡ ᠲᠦᠷᠪᠡᠨ ᠵᠠᠭᠤᠨ | ᠲᠦᠬᠦᠷᠢᠭ ᠣᠯᠵᠤ᠂ ᠶᠡᠭᠡ ᠪᠠᠭᠠᠨᠠᠶᠢᠷ ᠲᠤ ᠲᠡᠮᠡᠭᠡ ᠪᠠᠨ ᠤᠷᠤᠯᠳᠤᠭᠤᠯᠤᠨ ᠱᠠᠩᠨᠠᠯ ᠲᠤᠰᠴᠦ᠂ | ᠪᠠᠰᠠᠲ᠋ᠡᠮᠡᠬᠡᠨ ᠤ ᠪᠠᠨ ᠨᠤᠤᠰᠦ ᠵᠤᠭᠳᠤᠷ ᠢ ᠵᠠᠷᠦᠨ᠂ ᠦᠪᠡᠷ ᠤᠨ ᠬᠦᠴᠦ ᠤᠬᠠᠭᠠᠨ ᠢᠶᠠᠷ ᠵᠶ᠋ᠠᠨᠲ᠋ᠡᠮᠡᠬᠡᠨ ᠤ ᠪᠠᠨ | ᠠᠰᠢᠭ ᠰᠢᠮ᠎ᠡ ᠶᠢ ᠪᠦᠷᠢᠨ ᠡᠳ᠋ᠯᠡᠵᠦᠬᠦ᠋ᠷᠳᠡᠵᠡᠢ᠃ | ᠰᠤᠷᠪᠤᠯᠵᠢᠯᠠᠭ᠎ᠠ᠄ᠤᠶᠤᠳᠠᠨ ᠮᠠᠯᠴᠢᠨ ᠬᠡᠶᠢᠮᠦᠷᠢ ︵ᠪᠢ ᠠᠪᠤ ᠡᠵᠢ ᠲᠠᠢ ᠪᠠᠨ ᠭᠤᠷᠪᠠᠭᠤᠯᠠ᠂ ᠬᠦᠳᠡᠯᠮᠦᠷᠢ ᠬᠦᠴᠦ | ᠲᠠᠳᠠᠭᠤᠬᠠᠨ᠂ ᠬᠦᠳᠡᠭᠡ ᠰᠠᠭᠤᠳᠠᠭ ᠮᠠᠨ ᠤ ᠦᠶ᠎ᠡ ᠶᠢᠨ ᠵᠠᠯᠠᠭᠤᠴᠤᠳ᠂ ᠬᠦᠳᠡᠬᠡᠨ ᠤ ᠠᠵᠢᠯ ᠬᠢᠳᠡᠭ ᠬᠦᠮᠦᠰ | ᠬᠤᠪᠤᠷᠳᠠᠭᠤ ᠪᠤᠯᠤᠭᠰᠠᠨ ᠴᠠᠭ᠂ ᠬᠦᠮᠦᠨ ᠪᠦᠯᠢ ᠴᠦᠬᠡᠨ ᠲᠠᠢ ᠠᠶᠢᠯ ᠳᠤ ᠨᠤᠤᠰᠦ ᠭᠠᠷᠦᠯᠲᠠ ᠲᠡᠭᠡᠷ᠎ᠡ ᠲᠡᠮᠡᠭᠡ | ᠵᠢᠭᠠᠬᠠᠨ ᠬᠦᠴᠦ ᠪᠠᠷᠠᠬᠤ ᠠᠴᠠ ᠥᠭᠡᠷ᠎ᠡ ᠡᠩ ᠤᠨ ᠴᠠᠭ ᠲᠤ ᠮᠠᠯᠯᠠᠬᠤ ᠬᠡᠵᠦ ᠲᠡᠮᠡᠢ ᠶᠠᠭᠤᠮ᠎ᠠ ᠦᠬᠡᠢ᠂ | ᠵᠤᠨ ᠳᠠᠭᠠᠨ ᠤᠰᠤ ᠪᠠᠭ᠎ᠠ ᠤᠤᠭᠤᠨ᠎ᠠ᠂ ᠡᠪᠦᠯ ᠳᠡᠭᠡᠨ ᠴᠡᠰᠦ ᠤᠷᠣᠪᠠᠯ ᠨᠢᠭᠡ ᠡᠪᠦᠯ ᠢᠶᠠᠷ ᠢᠶᠠᠨ ᠤᠰᠣᠯᠠᠬᠤ ᠦᠬᠡᠢ | ᠂ ᠲᠡᠭᠡᠭᠡᠳ ᠡᠪᠤᠯ ᠪᠤᠯᠪᠠᠯ ᠪᠢ ᠪᠠᠰᠠ ᠲᠡᠮᠡᠭᠡ ᠪᠠᠨ ᠡᠮᠨᠡᠭ᠂ ᠲᠤᠷᠤᠮ ᠢᠶᠠᠨ ᠤᠨᠤᠵᠤ ᠰᠤᠷᠭᠠᠨ᠎ᠠ᠂ ᠨᠠᠶᠢᠷ | ᠨᠠᠭᠠᠳᠤᠮ ᠢᠶᠠᠷ ᠬᠤᠷᠳᠤᠨ ᠲᠡᠮᠡᠭᠡ ᠤᠷᠤᠯᠳᠤᠭᠤᠯᠤᠨ᠎ᠠ᠂ ᠮᠦᠩᠬᠦᠨ ᠡᠪᠦᠯ ᠤᠨ ᠨᠠᠶᠢᠷ ᠢᠶᠠᠷ ᠲᠡᠮᠡᠭᠡ ᠪᠠᠨ | ᠤᠷᠤᠯᠳᠤᠭᠤᠯᠬᠤ ᠲᠤᠷᠠᠳᠠᠢ᠃ 2019 ᠣᠨ ᠤ ᠮᠦᠩᠬᠦᠨ ᠡᠪᠤᠯ ᠤᠨ ᠰᠢᠯᠤᠭᠤᠨ ᠬᠥᠬᠡ ᠶᠢᠨ ᠨᠠᠶᠢᠷ ᠲᠤ | ᠤᠴᠢᠭᠠᠳ ᠲᠤᠷᠤᠮ ᠢᠶᠠᠨ ᠠᠶᠢᠷᠠᠭᠳᠤᠭᠤᠯᠵᠤ ᠪᠠᠶᠢᠭᠰᠠᠨ᠂ ᠭᠠᠴᠠᠭᠠᠨ ᠤ ᠪᠠᠨ ᠰᠠᠷ᠎ᠠ ᠰᠢᠨ᠎ᠡ ᠶᠢᠨ ᠵᠤᠯᠭᠠᠯᠳᠠ ᠶᠢᠨ | ᠨᠠᠶᠢᠷ ᠤᠶᠢᠷ᠎ᠠ ᠬᠠᠪᠢ ᠶᠢᠨ ᠨᠠᠰᠤᠳᠠᠨ ᠤ ᠪᠠᠶᠠᠷ᠂ ᠪᠡᠰᠡᠷᠡᠭ ᠨᠠᠭᠠᠳᠤᠮ ᠤᠳ ᠢᠶᠠᠷ ᠪᠠᠰᠠ ᠠᠷᠪᠠ ᠭᠠᠷᠦᠢ | ᠲᠡᠷᠢᠬᠦᠯᠦᠭᠰᠡᠨ ᠡ᠃︶ | 1991 ᠣᠨ ᠳᠤ ᠲᠦᠷᠦᠭᠰᠡᠨ ᠲᠡᠷᠡ2013 ᠣᠨ ᠳᠤ ᠬᠦᠬᠡᠬᠤᠳᠠ ᠦᠨᠳᠦᠰᠦᠳᠡᠨ ᠤ ᠲᠡᠭᠡᠳᠦ ᠰᠤᠷᠭᠠᠭᠤᠯᠢ | ᠠᠴᠠ ᠨᠡᠪᠳᠡᠷᠡᠬᠦᠯᠦᠭᠴᠢ ᠬᠦᠳᠦᠯᠦᠭᠴᠢ ᠶᠢᠨ ᠲᠤᠰᠬᠠᠢ ᠮᠡᠷᠭᠡᠵᠢᠯ ᠪᠠᠷ ᠲᠡᠬᠦᠰᠴᠦ ᠡᠷᠢᠶᠡᠨ ᠬᠤᠳᠠ ᠳᠤ | ᠮᠢᠬᠠᠨ ᠤ ᠲᠡᠯᠬᠡᠬᠦᠷ ᠡᠷᠬᠢᠯᠡᠵᠦ ᠪᠠᠶᠢᠵᠠᠢ᠃ ᠬᠡᠦᠬᠡᠨᠲ᠋ᠡᠬᠦᠦ ᠨᠢ ᠠᠶᠢᠯ ᠳᠤ ᠮᠤᠷᠳᠠᠬᠤ ᠪᠠᠷᠨᠤᠳᠤᠭ ᠲᠠᠭᠠᠨ ᠢᠷᠡᠵᠦ | ᠠᠪᠤ ᠡᠵᠢ ᠪᠠᠨ ᠬᠠᠪᠰᠤᠷᠤᠨᠮᠠᠯ ᠢᠶᠠᠨ ᠬᠠᠷᠢᠭᠤᠯᠵᠠᠢ᠃ ᠬᠦᠳᠡᠭᠡ ᠪᠠᠨ ᠬᠠᠷᠢᠭᠰᠠᠨᠲ᠋ᠡᠷᠡᠮᠠᠯᠴᠢᠨ ᠪᠤᠯᠬᠤ ᠶᠢᠨ | ᠲᠤᠬᠠᠢ ᠦᠪᠡᠷ ᠤᠨ ᠪᠤᠳᠣᠯ ᠲᠠᠢ ᠶᠠᠪᠤᠨ᠎ᠠ᠃ | ᠰᠤᠷᠪᠤᠯᠵᠢᠯᠠᠭ᠎ᠠ᠄ᠤᠶᠤᠳᠠᠨ ᠮᠠᠯᠴᠢᠨ ᠬᠡᠶᠢᠮᠦᠷᠢ ︵ ᠰᠤᠷᠭᠠᠭᠤᠯᠢ ᠰᠤᠶᠤᠯ ᠤᠨ ᠮᠦᠷ ᠬᠦᠬᠡᠬᠡᠨ᠎ᠡ ᠭᠡᠳᠡᠭ ᠵᠠᠪᠠᠯ | ᠬᠤᠳᠠ ᠳᠤ ᠰᠠᠶᠢᠨ ᠠᠵᠢᠯ ᠤᠯᠤᠭᠠᠳ ᠰᠠᠶᠢᠬᠠᠨ ᠭᠡᠷ ᠲᠤ ᠰᠠᠭᠤᠭᠠᠳ ᠰᠠᠶᠢᠬᠠᠨ ᠮᠠᠰᠢᠨ ᠪᠠᠷᠢᠵᠦ ᠶᠠᠪᠤᠨ᠎ᠠ ᠬᠡᠰᠡᠨ | ᠲᠡᠶᠢᠮᠦ ᠲᠦᠯᠦᠬᠡᠯᠡᠯ ᠪᠢᠰᠢ ᠭᠡᠵᠦ ᠪᠤᠳᠤᠳᠠᠭ᠂ ᠪᠢ ᠪᠣᠯ ᠤᠳᠣ ᠰᠤᠷᠭᠠᠭᠤᠯᠢ ᠰᠤᠶᠤᠯ ᠤᠨ ᠮᠦᠷ ᠬᠦᠬᠡᠬᠡᠯ᠎ᠡ ᠴᠦ | ᠬᠡᠰᠡᠨ ᠰᠤᠶᠤᠯ ᠲᠠᠢ ᠮᠠᠯᠴᠢᠨ ᠪᠤᠯᠤᠨ᠎ᠠ᠃ ᠲᠡᠭᠡᠷ᠎ᠡ ᠠᠴᠠ ᠪᠠᠨ ᠤᠳᠣ ᠪᠠᠰᠠ ᠡᠪᠦᠭᠡ ᠲᠡᠭᠡᠳᠦᠰ ᠠᠴᠠ ᠪᠠᠨ | ᠦᠪᠯᠡᠭᠰᠡᠨ ᠡᠨᠡ ᠰᠠᠶᠢᠬᠠᠨ ᠨᠤᠳᠤᠭ ᠤᠰᠤ ᠪᠠᠨ ᠡᠨᠡ ᠰᠠᠶᠢᠬᠠᠨ ᠲᠠᠪᠤᠨ ᠬᠤᠰᠢᠭᠤ ᠮᠠᠯ ᠢᠶᠠᠨ ᠮᠠᠯᠵᠢᠬᠤ ᠠᠮᠢᠳᠤᠷᠠᠯ | ᠂ ᠡᠨᠡ ᠰᠠᠶᠢᠬᠠᠨ ᠦᠢᠯᠡᠰ ᠢᠶᠠᠨ ᠦᠪᠯᠡᠵᠦ ᠶᠠᠪᠤᠬᠤ ᠠᠴᠠ ᠢᠯᠡᠬᠦᠦ ᠴᠢᠬᠤᠯᠠ ᠶᠤᠮ ᠪᠤᠯᠪᠠᠤ ᠭᠡᠵᠦ ᠮᠢᠨᠦ ᠬᠤᠪᠢ | ᠬᠦᠮᠦᠨ ᠤ ᠬᠠᠷᠠᠭᠠᠰᠤ ᠠᠴᠠ ᠲᠡᠭᠡᠵᠦ ᠪᠤᠳᠤᠳᠠᠭ᠃︶ | ᠰᠢᠨ᠎ᠡ ᠴᠠᠭ ᠤᠨ ᠤᠶᠤᠳᠠᠨ ᠪᠤᠯᠤᠭᠰᠠᠨ ᠤ ᠬᠤᠪᠢ ᠳᠤ ᠬᠦᠳᠡᠭᠡ ᠨᠤᠳᠤᠭ ᠤᠨ ᠢᠶᠠᠨ ᠠᠮᠢᠳᠤᠷᠠᠯ ᠠᠬᠤᠢ ᠪᠠᠨ | ᠤᠯᠠᠮᠵᠢᠯᠠᠨ ᠬᠦᠭᠵᠢᠬᠦᠯᠬᠦ ᠠᠴᠠ ᠭᠠᠳᠠᠨ᠎ᠠ ᠰᠢᠨ᠎ᠡ ᠠᠷᠭ᠎ᠠ ᠬᠠᠶᠢᠵᠦ ᠤᠷᠤᠯᠭ᠎ᠠ ᠪᠠᠨ ᠨᠡᠮᠡᠭᠳᠡᠬᠦᠯᠬᠦ ᠶᠢᠨ ᠲᠦᠯᠦᠬᠡ | ᠲᠡᠷᠡᠮᠤᠩᠭᠤᠯ ᠮᠤᠷᠢᠨ ᠤ ᠰᠢᠨᠳᠠᠷᠠᠰᠢ ᠦᠬᠡᠢ ᠵᠣᠷᠢᠭ ᠰᠠᠨᠠᠭ᠎ᠠ ᠪᠠᠷ ᠠᠷᠭ᠎ᠠ ᠤᠬᠠᠭᠠᠨ ᠰᠦᠪᠡᠭᠴᠢᠯᠡᠵᠦ ᠰᠠᠭᠤᠨ᠎ᠠ᠃ | ᠲᠤᠰᠬᠠᠢ ᠮᠡᠷᠭᠡᠵᠢᠯ ᠲᠠᠢ ᠪᠠᠨ ᠤᠶᠠᠯᠳᠤᠭᠤᠯᠤᠨ ᠵᠣᠨ ᠳᠠᠭᠠᠨ ᠬᠤᠷᠢᠮ ᠨᠠᠶᠢᠷ ᠤᠨ ᠬᠦᠳᠦᠯᠦᠭᠴᠢ ᠬᠢᠳᠡᠭ ᠢᠶᠠᠷ | ᠪᠠᠷᠠᠬᠤ ᠦᠬᠡᠢ ᠪᠠᠭ᠎ᠠ ᠠᠴᠠ ᠪᠠᠨ ᠬᠦᠳᠡᠭᠡ ᠦᠰᠴᠦ ᠤᠷᠤᠯᠳᠤᠭᠠᠨ ᠮᠣᠷᠢ ᠤᠨᠤᠨ᠂ ᠮᠣᠷᠢ ᠲᠡᠮᠡᠭᠡ ᠳᠤ | ᠬᠠᠶᠢᠷᠠᠳᠠᠢ ᠂ ᠶᠡᠭᠡ ᠰᠤᠷᠭᠠᠭᠤᠯᠢ ᠳᠠᠭᠠᠨ ᠮᠤᠩᠭᠤᠯ ᠣᠯᠤᠰ ᠤᠨ ᠮᠤᠷᠢᠨ ᠤᠷᠤᠯᠳᠤᠭᠠᠨ ᠢ ᠦᠷᠬᠦᠯᠵᠢᠰᠤᠨᠢᠷᠬᠠᠨ | ᠦᠵᠡᠳᠡᠭ ᠲᠠᠪᠠᠭᠤᠯᠢᠭ ᠲᠤ ᠳᠠᠭᠠᠨ ᠲᠥᠰᠢᠭᠯᠡᠨ.2017 ᠣᠨ ᠠᠴᠠ ᠤᠷᠤᠯᠳᠤᠭᠠᠨ ᠮᠣᠷᠢ ᠲᠠᠶᠢᠯᠪᠤᠷᠢᠯᠠᠵᠦ᠂ | ᠤᠳᠣ ᠪᠤᠯᠬᠤ ᠳᠤ100 ᠭᠠᠷᠦᠢ ᠮᠤᠷᠢᠨ ᠤ ᠨᠠᠮᠳᠠᠷ ᠲᠡᠦᠬᠡ ᠶᠢ ᠮᠡᠳᠡᠳᠡᠭ ᠭᠠᠷᠮᠠᠭᠠᠢ ᠮᠣᠷᠢ ᠲᠠᠶᠢᠯᠪᠤᠷᠢᠯᠠᠭᠴᠢ | ᠪᠤᠯᠵᠠᠢ᠃ | ᠰᠤᠷᠪᠤᠯᠵᠢᠯᠠᠭ᠎ᠠ᠄ ᠤᠶᠤᠳᠠᠨ ᠮᠠᠯᠴᠢᠨ ᠬᠡᠶᠢᠮᠦᠷᠢ ︽ᠰᠢᠯᠣᠭᠤᠨ ᠬᠥᠬᠡ ᠬᠤᠰᠢᠭᠤᠨ ᠳᠤ ᠪᠣᠯᠳᠠᠭ ᠬᠤᠯᠠᠨ | ᠰᠢᠷᠭ᠎ᠠ ᠲᠠᠭ᠎ᠠ ᠶᠢᠨ ᠬᠠᠪᠤᠷ ᠤᠨ ᠨᠠᠭᠠᠳᠤᠮ ᠢᠶᠠᠷ ᠬᠤᠶᠠᠷ ᠵᠠᠭᠤᠨ ᠭᠠᠵᠠᠷ ᠤᠨ ᠬᠤᠯᠠ ᠶᠢᠨ ᠮᠤᠷᠢᠨ ᠤ | ᠤᠷᠤᠯᠳᠤᠭᠠᠨ ᠢᠶᠠᠷ ᠠᠩᠬ᠎ᠠ ᠡᠬᠢᠯᠡᠵᠦ ᠭᠠᠷᠤᠭ᠎ᠠ ᠪᠠᠨ ᠠᠪᠤᠭᠰᠠᠨ ᠶᠤᠮ᠂ ᠤᠳᠣ200 ᠭᠠᠷᠦᠢ ᠤᠳᠠᠭᠠᠨ ᠤ | ᠮᠤᠷᠢᠨ ᠤᠷᠤᠯᠳᠤᠭᠠᠨ ᠢ ᠬᠥᠳᠥᠯᠵᠦ ᠪᠠᠶᠢᠨ᠎ᠠ︾ | ︽ ᠰᠠᠨᠠᠵᠤ ᠶᠠᠪᠤᠪᠠᠯ ᠪᠦᠳᠦᠨ᠎ᠡ᠂ ᠰᠠᠵᠢᠯᠡᠵᠦ ᠶᠠᠪᠤᠪᠠᠯ ᠬᠦᠷᠦᠨ᠎ᠡ︾ ᠭᠡᠳᠡᠭ ᠢᠶᠠᠷ ᠬᠡᠶᠢᠮᠦᠷᠢ ᠰᠤᠷᠭᠠᠭᠤᠯᠢ | ᠰᠤᠶᠤᠯ ᠤᠨ ᠮᠦᠷ ᠬᠦᠭᠡᠭᠡᠵᠦ ᠬᠠᠷᠠᠭ᠎ᠠ ᠨᠡᠭᠡᠭᠡᠵᠦ ᠰᠤᠷᠴᠦ ᠮᠡᠳᠡᠭᠰᠡᠨ ᠢᠶᠠᠨ ᠬᠥᠳᠡᠭᠡ ᠨᠤᠳᠤᠭ ᠤᠨ ᠢᠶᠠᠨ | ᠪᠠᠶᠠᠯᠢᠭ ᠥᠪ ᠰᠤᠶᠤᠯ ᠢᠶᠠᠨ ᠤᠯᠠᠮᠵᠢᠯᠠᠨ ᠬᠦᠭᠵᠢᠬᠦᠯᠬᠦ ᠲᠠᠢ ᠤᠶᠠᠯᠳᠤᠭᠤᠯᠤᠨ ᠠᠮᠢᠳᠤᠷᠠᠯ ᠦᠢᠯᠡᠰ ᠢᠶᠠᠨ | ᠥᠭᠡᠳᠡ ᠲᠡᠳᠡᠵᠦ᠂ ᠠᠪᠤ ᠡᠵᠢ ᠲᠠᠢ ᠪᠠᠨ ᠬᠦᠳᠡᠭᠡ ᠪᠠᠨ16400 ᠭᠠᠷᠦᠢ ᠮᠦ ᠭᠠᠵᠠᠷ ᠲᠠᠭᠠᠨ ᠵᠠᠭᠤ ᠭᠠᠷᠦᠢ | ᠲᠡᠮᠡᠭᠡ᠂ ᠲᠠᠪᠢᠭᠠᠳ ᠦᠬᠡᠷ᠂ ᠬᠤᠶᠠᠷ ᠵᠠᠭᠤ ᠰᠢᠬᠠᠭᠤ ᠬᠤᠨᠢ ᠢᠮᠠᠭ᠎ᠠ᠂ ᠴᠦᠬᠡᠪᠦᠷᠢ ᠠᠳᠤᠭᠤ ᠮᠠᠯᠵᠢᠵᠤ᠂ | ᠲᠠᠪᠤᠨ ᠬᠤᠰᠢᠭᠤ ᠮᠠᠯ ᠢᠶᠠᠨ ᠦᠨᠢᠷ ᠦᠰᠬᠡᠨ᠂ ᠴᠢᠨᠡᠭᠡᠯᠢᠭ ᠠᠮᠢᠳᠤᠷᠠᠯ ᠤᠨ ᠵᠠᠮ ᠢᠶᠠᠷ ᠰᠡᠳᠬᠢᠯ ᠲᠡᠨᠢᠬᠦᠨ | ᠠᠯᠬᠤᠨ᠎ᠠ᠃ | ᠰᠤᠷᠪᠤᠯᠵᠢᠯᠠᠭ᠎ᠠ᠄ ᠤᠶᠤᠳᠠᠨ ᠮᠠᠯᠴᠢᠨ ᠬᠡᠶᠢᠮᠦᠷᠢ ︵ᠵᠤᠨ ᠨᠠᠮᠦᠷ ᠤᠨ ᠲᠡᠯᠭᠡᠷ ᠴᠠᠭ ᠢᠶᠠᠷ ᠨᠠᠶᠢᠷ ᠨᠠᠭᠠᠳᠤᠮ᠂ ᠬᠤᠷᠢᠮ | ᠨᠠᠶᠢᠷ ᠬᠥᠳᠦᠯᠬᠦ ᠠᠵᠢᠯ ᠢᠶᠠᠨ ᠬᠢᠭᠡᠳ ᠶᠠᠭᠠᠷᠠᠭᠠᠳ ᠶᠠᠪᠤᠴᠢᠬᠠᠨ᠎ᠠ᠂ ᠠᠯᠢ ᠠᠯᠢ ᠪᠠᠨ ᠴᠦ ᠬᠠᠶᠠᠬᠤ ᠦᠬᠡᠢ᠂ | ᠠᠯᠢᠨ ᠢ ᠴᠦ ᠬᠤᠴᠤᠷᠭᠠᠬᠤ ᠦᠬᠡᠢ᠂ ᠵᠤᠬᠢᠴᠠᠯᠳᠤᠭᠤᠯᠤᠨ ᠶᠠᠪᠤᠨ᠎ᠠ᠃ ᠡᠪᠣᠯ ᠤᠨ ᠨᠠᠶᠢᠷ᠂ ᠮᠦᠩᠬᠦᠨ ᠡᠪᠤᠯ ᠤᠨ | ᠨᠠᠶᠢᠷ᠂ ᠴᠠᠭᠠᠨ ᠰᠠᠷ᠎ᠠ ᠶᠢᠨ ᠵᠤᠯᠭᠠᠯᠳᠠ ᠶᠢᠨ ᠨᠠᠶᠢᠷ ᠢᠶᠠᠷ ᠴᠢᠯᠦᠬᠡ ᠵᠠᠪ ᠢᠶᠠᠨ ᠭᠠᠷᠭᠠᠵᠤ ᠣᠴᠢᠨ᠎ᠠ᠂ ᠬᠠᠪᠤᠷ ᠤᠨ | ᠶᠠᠭᠠᠷᠠᠤ ᠴᠠᠭ ᠲᠤ᠂ ᠨᠠᠶᠢᠷ ᠴᠦ ᠴᠦᠬᠡᠨ᠂ ᠪᠢ ᠴᠦ ᠲᠥᠯ ᠮᠠᠯ ᠢᠶᠠᠨ ᠲᠤᠰᠤᠭᠠᠳ ᠡᠬᠢᠯᠡᠴᠢᠬᠡᠨᠡ᠃ ᠦᠩᠭᠡᠷᠡᠬᠦ | ᠵᠢᠯ ᠢᠶᠠᠷ ᠠᠪᠴᠦ ᠭᠡᠯᠡᠪᠡᠯ ᠨᠢᠭᠡ ᠵᠢᠯ ᠤᠨ ᠨᠠᠶᠢᠷ ᠨᠠᠭᠠᠳᠤᠮ ᠬᠦᠳᠦᠯᠦᠭᠰᠡᠨ ᠬᠤᠷᠳᠤᠨ ᠮᠤᠷᠢᠨ ᠤ ᠲᠠᠶᠢᠯᠪᠤᠷᠢ | ᠬᠢᠭᠰᠡᠨ ᠵᠡᠷᠭᠡ ᠶᠢ ᠪᠤᠳᠤᠪᠠᠯ ᠠᠷᠪᠠᠨ ᠲᠥᠮᠡ ᠬᠦᠷᠴᠡᠢ᠃ ᠲᠡᠭᠡᠭᠡᠳ ᠤᠳᠣ ᠮᠠᠯ ᠠᠵᠤ ᠠᠬᠤᠢ ᠶᠢᠨ ᠲᠠᠩᠰᠡ | ᠲᠠᠢ ᠪᠠᠨ ᠬᠤᠷᠢ ᠠᠶᠠᠳᠠᠭᠤ ᠲᠦᠮᠡᠨ ᠲᠦᠭᠦᠷᠢᠭ ᠤᠨ ᠤᠷᠤᠯᠭ᠎ᠠ ᠤᠯᠵᠠᠢ᠃︶ | | |