ᠬᠤᠳᠠ ᠣᠷᠣᠭᠰᠠᠨ ᠮᠠᠯᠴᠢᠨ ᠪᠦᠰᠡᠬᠦᠢ ᠰᠦᠯᠵᠢᠶ᠎ᠡ ᠬᠤᠯᠪᠤᠭᠠᠨ ᠤ | ᠰᠢᠨ᠎ᠠ ᠵᠠᠮ ᠱᠣᠭᠤᠮ ᠢ ᠠᠰᠢᠭᠯᠠᠨᠪᠠᠶᠠᠵᠢᠯ ᠤᠨ ᠵᠠᠮ ᠢᠶᠠᠷ ᠵᠠᠮᠨᠠᠵᠦ ᠪᠠᠶᠢᠨ᠎ᠠ | | ᠣᠳᠣᠷᠢᠳᠬᠠᠯ᠄ ᠰᠦᠨᠢᠳ ᠪᠠᠷᠠᠭᠤᠨ ᠬᠤᠰᠢᠭᠤ ᠪᠠᠷ ᠨᠣᠳᠤᠭ ᠲᠠᠢ ᠮᠠᠯᠴᠢᠨ ᠪᠦᠰᠡᠬᠦᠢ | ᠬᠠᠰᠳᠣᠶᠠᠭᠠᠦᠪᠡᠷ ᠤᠨ ᠤᠢ ᠤᠬᠠᠭᠠᠨ᠂ ᠠᠵᠢᠯᠴᠢ ᠬᠦᠳᠡᠯᠮᠦᠷᠢᠴᠢ ᠬᠤᠶᠠᠷ ᠭᠠᠷ ᠢᠶᠠᠷ ᠢᠠᠨᠠᠷᠠᠯᠵᠢᠶᠠ ᠮᠠᠶᠢᠮᠠᠢ | ᠡᠷᠬᠢᠯᠡᠨ᠂ ᠠᠶᠢᠯ ᠭᠡᠷ ᠤᠨ ᠢᠶᠠᠨ ᠠᠵᠦ ᠠᠮᠢᠳᠣᠷᠠᠯ ᠢᠶᠠᠨ ᠦᠬᠡᠳᠠ ᠲᠠᠢ᠂ ᠦᠩᠭᠡ ᠲᠠᠢ ᠠᠪᠴᠦ ᠶᠠᠪᠤᠨ᠂ | ᠲᠡᠷᠭᠡᠳᠡᠬᠢ ᠦᠢᠯᠡᠰ ᠪᠤᠰᠬᠠᠵᠦ ᠪᠠᠶᠢᠭᠠᠡᠮᠡᠭᠳᠡᠶᠢᠴᠦᠳᠪᠡᠨ ᠲᠠᠶᠢᠴᠢᠯᠠᠨ ᠲᠠᠭᠠᠭᠤᠯᠵᠦ ᠪᠤᠶᠠᠨᠰᠠᠭ ᠠᠵᠢᠯᠯᠠᠭ᠎ᠠ ᠬᠢᠵᠦ | ᠂ ᠨᠡᠶᠢᠬᠡᠮ ᠨᠡᠶᠢᠳᠡ ᠳᠤ ᠦᠪᠡᠷ ᠤᠨ ᠨᠢᠬᠡᠨ ᠬᠤᠪᠢ ᠨᠡᠮᠡᠷᠢ ᠬᠦᠴᠦᠨ ᠪᠠᠨ ᠦᠵᠡᠬᠦᠯᠵᠦ᠂ ᠡᠮᠡᠭᠳᠡᠶᠢᠴᠦᠳ ᠤᠨ | ᠢᠶᠠᠨ ᠲᠠᠭᠤᠷᠢᠶᠠᠯ ᠨᠢ ᠪᠤᠯᠵᠦ ᠬᠢᠯᠠᠷᠠᠭᠤᠯᠵᠦ ᠶᠠᠪᠤᠨ᠎ᠠ᠃ | ᠠᠭᠤᠯᠭ᠎ᠠ᠄ ᠬᠠᠰᠳᠣᠶᠠᠭ᠎ᠠ 2009 ᠣᠨ ᠳᠤ ᠠᠷᠠᠯᠵᠢᠶ᠎ᠠ ᠮᠠᠶᠢᠮᠠᠢ ᠡᠷᠬᠢᠯᠡᠶ᠎ᠡ ᠬᠡᠰᠡᠨ ᠪᠤᠳᠤᠯ ᠪᠠᠷ ᠬᠤᠳᠠ | ᠣᠷᠣᠭᠰᠠᠨ ᠪᠠᠶᠢᠨ᠎ᠠ ᠃ ᠬᠠᠮᠤᠭ ᠠᠩᠬ᠎ᠠ ᠡᠷᠢᠶᠡᠨ ᠬᠤᠳᠠ ᠳᠤ ᠢᠷᠡᠭᠰᠡᠨ ᠤ ᠪᠠᠨ ᠰᠡᠬᠦᠯᠡᠷ᠂ ᠶᠠᠭᠤ ᠬᠢᠬᠦ ᠪᠠᠨ | ᠣᠯᠵᠦ ᠶᠠᠳᠡᠨ᠂ ᠠᠷᠭ᠎ᠠ ᠮᠤᠬᠤᠷᠳᠡᠨ ᠭᠠᠷ ᠨᠣᠬᠤᠯᠠᠵᠦ ᠂ ᠠᠵᠢᠯ ᠡᠷᠢᠭᠰᠡᠭᠡᠷ ᠪᠠᠶᠢᠵᠦ ᠬᠤᠭᠤᠯᠠᠨ ᠭᠡᠷ ᠲᠤ | ᠦᠢᠯᠡᠴᠢᠯᠡᠭᠴᠢ ᠶᠢᠨ ᠠᠵᠢᠯ ᠤᠯᠵᠦ ᠬᠢᠵᠦ ᠪᠠᠶᠢᠭᠰᠠᠨ ᠪᠠᠨ ᠲᠠᠷᠠᠭ᠎ᠠ ᠨᠢ ᠦᠪᠡᠷ ᠢᠶᠠᠨ ᠬᠤᠭᠤᠯᠠᠨ ᠬᠡᠷ ᠡᠷᠬᠢᠯᠡᠵᠦ | ᠦᠵᠡᠵᠠᠢ᠃ ᠲᠦᠮᠡᠨ ᠠᠯᠬᠤᠮ ᠤᠨ ᠲᠦᠷᠦᠬᠦᠦ ᠠᠯᠬᠤᠮ ᠬᠡᠴᠡᠬᠦᠦ ᠬᠡᠳᠡᠭᠴᠢᠯᠡᠨ᠂ ᠬᠤᠳᠠ ᠣᠷᠣᠵᠦ ᠬᠤᠭᠤᠯᠠᠨ | ᠭᠡᠷ ᠡᠷᠬᠢᠯᠡᠬᠦ ᠨᠢ ᠪᠠᠰᠠ ᠲᠡᠬᠦᠨ ᠤ ᠪᠤᠳᠤᠭᠰᠠᠨ ᠰᠢᠭ ᠲᠡᠶᠢᠮᠦ ᠬᠢᠯᠪᠠᠷ ᠶᠠᠪᠤᠳᠠᠯ ᠪᠢᠰᠢ᠂ ᠮᠦᠩᠭᠦ ᠪᠠᠨ | ᠠᠷᠪᠢᠯᠠᠭᠠᠳ ᠭᠠᠭᠠᠴᠭᠠᠷ ᠢᠶᠠᠨ ᠦᠢᠯᠡᠴᠢᠯᠡᠭᠴᠢ᠂ ᠲᠤᠭᠤᠭᠠᠴᠢ᠂ ᠡᠵᠡᠨᠳᠡᠨ ᠪᠦᠬᠦᠨ ᠢ ᠬᠢᠭᠰᠡᠨ ᠴᠦᠣᠷᠣᠯᠭᠠ | ᠨᠢ ᠵᠠᠷᠤᠯᠭ᠎ᠠ ᠳᠠᠭᠠᠨ ᠬᠦᠷᠬᠦ ᠦᠬᠡᠢ ᠦᠷᠢ ᠰᠢᠷᠢ ᠳᠤ ᠣᠨᠠᠵᠦ᠂ ᠵᠤᠷᠢᠭ ᠮᠤᠬᠤᠵᠦ ᠶᠠᠪᠤᠬᠤ ᠳᠠᠭᠠᠨ ᠬᠦᠮᠦᠨ | ᠬᠡᠳᠡᠭ ᠦᠪᠡᠷ ᠲᠡᠭᠡᠨ ᠲᠤᠬᠢᠷᠠᠭᠰᠠᠨ ᠠᠵᠢᠯ ᠲᠦᠷᠦᠯ ᠪᠠᠨ ᠰᠣᠩᠭᠤᠨᠬᠤ ᠨᠢ ᠮᠠᠰᠢ ᠴᠢᠬᠤᠯᠠ ᠶᠣᠮ ᠪᠠᠶᠢᠨᠠᠬᠡᠰᠡᠨ | ᠪᠣᠳᠣᠯ ᠣᠷᠣᠵᠦ᠂ ᠭᠤᠶᠤᠯᠠᠯ ᠵᠠᠰᠠᠯ ᠤᠨᠺᠣᠮᠫᠠᠨᠢ ᠳᠤ ᠡᠮᠡᠭᠳᠡᠶᠢᠴᠦᠳ ᠤᠨ ᠭᠤᠸ᠎ᠠ ᠰᠠᠶᠢᠬᠠᠨ ᠤ | ᠪᠦᠳᠦᠭᠡᠭᠳᠡᠬᠦᠨ ᠢ ᠲᠦᠯᠦᠬᠡᠯᠡᠵᠦ ᠪᠤᠷᠤᠯᠠᠭᠤᠯᠤᠨ ᠂ ᠦᠨᠦᠳᠦᠷ ᠤᠨ ᠦᠢᠯᠡᠰ ᠤᠨ ᠠᠩᠬᠠᠨ ᠤ ᠭᠠᠷᠤᠭ᠎ᠠ ᠪᠠᠨ | ᠡᠬᠢᠯᠡᠬᠦᠯᠦᠭᠰᠡᠨ ᠪᠠᠶᠢᠯ᠎ᠠ ᠃ | ᠰᠣᠷᠪᠣᠯᠵᠢᠯᠠᠭ᠎ᠠ᠄ ᠬᠠᠰᠳᠣᠶᠠᠭ᠎ᠠ | ( ᠠᠩᠬᠠᠨ ᠤ ᠮᠦᠷ ᠢ ᠠᠯᠬᠤᠭᠠᠳ ᠮᠠᠰᠢ ᠣᠯᠠᠨ ᠬᠦᠮᠦᠰ ᠤᠨ ᠶᠤᠵᠤᠯᠠᠯ ᠱᠣᠣᠯᠠᠯ ᠳᠤ ᠣᠷᠣᠵᠦ ᠪᠠᠶᠢᠯ᠎ᠠ᠃ | ᠣᠴᠢᠷ ᠨᠢ ᠦᠪᠡᠷ ᠢᠶᠠᠨ ᠲᠠᠷᠭᠤᠨ ᠮᠦᠷᠳᠡᠯ᠎ᠠ ᠪᠠᠨ ᠨᠢᠭᠤᠷ ᠲᠦᠭᠦᠷᠡᠩ ᠶᠠᠷ᠎ᠠ ᠪᠡᠳᠡᠬᠢ ᠲᠠᠢ᠂ ᠬᠦᠮᠦᠰ | ᠬᠠᠷᠠᠮᠠᠭᠴᠠ ᠯᠡᠭᠤᠸᠠ ᠰᠠᠶᠢᠬᠠᠨ ᠤ ᠪᠦᠳᠦᠭᠡᠭᠳᠡᠬᠦᠨ ᠵᠠᠷᠣᠳᠠᠭ ᠬᠦᠮᠦᠨ ᠶᠤᠰᠤᠳᠠᠢ ᠪᠢᠰᠢ ᠬᠡᠮᠡᠷ᠂ ᠭᠡᠷ ᠤᠨ | ᠬᠦᠮᠦᠰ ᠤᠨ ᠵᠤᠷᠢᠭᠵᠢᠭᠤᠯᠤᠯ ᠴᠦ ᠪᠠᠶᠢᠬᠤ ᠦᠬᠡᠢ᠂ ᠡᠶᠢᠮᠦ ᠨᠢᠬᠡ ᠵᠢᠰᠦᠳᠠᠢ ᠬᠦᠮᠦᠨ ᠭᠤᠸ᠎ᠠ ᠰᠠᠶᠢᠬᠠᠨ ᠤ | ᠪᠦᠳᠦᠭᠡᠭᠳᠡᠬᠦᠨ ᠵᠠᠷᠤᠨ᠎ᠠ ᠬᠡᠬᠦ ᠠᠴᠠ ᠮᠠᠯ ᠪᠠᠨ ᠮᠠᠯᠵᠢᠭᠰᠠᠨ ᠨᠢ ᠲᠡᠭᠡᠷ᠎ᠠ ᠬᠡᠵᠦ ᠠᠪᠤ ᠡᠵᠢ ᠮᠢᠨᠢ ᠴᠦ ᠬᠡᠯᠡᠴᠡᠬᠡᠳᠡᠭ | ᠪᠠᠶᠢᠯ᠎ᠠ᠃ ︶ | ᠠᠩᠬᠠᠨ ᠤ ᠪᠤᠷᠤᠯᠠᠭᠤᠯᠭ᠎ᠠ ᠪᠠᠨ ᠬᠢᠵᠦ ᠶᠠᠪᠤᠬᠤ ᠳ᠋ᠠᠭᠠᠨᠲ᠋ᠡᠷᠡᠪᠡᠷ ᠦᠪᠡᠷ ᠤᠨ ᠮᠡᠳᠡᠯᠭᠡ ᠮᠡᠷᠬᠡᠵᠢᠯ | ᠰᠣᠷᠣᠯᠴᠠᠯᠭ᠎ᠠ ᠬᠤᠮᠰᠠ ᠵᠡᠷᠭᠡ ᠠᠷᠪᠢᠨ ᠬᠦᠷᠦᠯᠴᠡᠬᠦ ᠦᠬᠡᠢ ᠲᠠᠯ᠎ᠠ ᠪᠠᠨ ᠮᠡᠳᠡᠷᠡᠵᠦ᠂ ᠬᠤᠪᠢ ᠬᠦᠮᠦᠨ ᠤ ᠬᠦᠭᠵᠢᠯ | ᠪᠤᠯᠪᠠᠰᠣᠷᠠᠯ ᠮᠡᠳᠡᠯᠭᠡ ᠮᠡᠷᠬᠡᠵᠢᠯ ᠤᠨ ᠲᠠᠯ᠎ᠠ ᠪᠠᠷ ᠬᠦᠬᠡᠬᠤᠳᠠ ᠰᠢᠯᠢᠩᠬᠤᠳᠠ ᠵᠡᠷᠭᠡᠣᠯᠠᠨ ᠭᠠᠵᠠᠷ ᠢᠶᠠᠷ | ᠪᠤᠯᠪᠠᠰᠣᠷᠠᠯ ᠳᠤ ᠨᠡᠷ᠎ᠡ ᠮᠡᠳᠡᠬᠦᠯᠦᠨ ᠰᠣᠷᠣᠯᠴᠠᠬᠤ ᠪᠤᠶᠤ ᠰᠦᠯᠵᠢᠶᠡᠨ ᠬᠢᠴᠢᠶᠡᠯ ᠰᠣᠷᠣᠯᠴᠠᠨ᠂ ᠪᠦᠰᠡᠬᠦᠢ ᠬᠦᠮᠦᠨ | ᠬᠡᠷᠬᠢᠨ ᠦᠪᠡᠷ ᠢ ᠪᠠᠨ ᠬᠦᠭᠵᠢᠬᠦᠯᠬᠦ᠂ ᠲᠤᠳᠤᠭᠠᠳᠦ ᠭᠤᠸ᠎ᠠ ᠰᠠᠶᠢᠬᠠᠨ ᠪᠠᠨ ᠢᠯᠡᠷᠡᠬᠦᠯᠬᠦ᠂ ᠨᠡᠶᠢᠬᠡᠮ ᠨᠡᠶᠢᠳᠡ ᠳᠤ | ᠬᠡᠷᠬᠢᠨ ᠵᠦᠪ ᠡᠨᠧᠷᠬᠢ᠂ ᠡᠶᠡᠷᠡᠬᠦ ᠨᠦᠯᠦᠭᠡ ᠦᠵᠡᠬᠦᠯᠬᠦ ᠲᠤᠬᠠᠢ ᠣᠶᠣᠨ ᠤ ᠬᠦᠷᠦᠩᠭᠡ ᠣᠷᠣᠭᠤᠯᠣᠯᠳᠠ ᠬᠢᠭᠰᠡᠭᠡᠷ | ᠢᠷᠡᠵᠦ᠂ ᠭᠤᠸ᠎ᠠ ᠰᠠᠶᠢᠬᠠᠨ ᠤ ᠪᠦᠳᠦᠭᠡᠭᠳᠡᠬᠦᠨ ᠵᠠᠷᠣᠵᠦ ᠶᠠᠪᠤᠬᠤ ᠳᠠᠭᠠᠨ ᠦᠪᠡᠷ ᠤᠨ ᠪᠡᠶ᠎ᠡ ᠪᠠᠨ ᠲᠤᠳᠣᠭᠠᠳᠦ | ᠭᠤᠸ᠎ᠠ ᠰᠠᠶᠢᠬᠠᠨ ᠠᠴᠠ ᠭᠠᠳᠠᠨᠠᠬᠢ ᠭᠤᠸ᠎ᠠ ᠰᠠᠶᠢᠬᠠᠨ ᠳᠤ ᠬᠦᠷᠳᠡᠯ᠎ᠠ ᠰᠤᠷᠤᠯᠴᠠᠵᠦ ᠬᠦᠭᠵᠢᠬᠦᠯᠵᠦ ᠶᠠᠪᠤᠭᠰᠠᠨ | ᠪᠠᠶᠢᠨ᠎ᠠ᠃ | ᠰᠣᠷᠪᠣᠯᠵᠢᠯᠠᠭ᠎ᠠ᠄ ᠬᠠᠰᠳᠣᠶᠠᠭ᠎ᠠ | ︵ ᠡᠳᠡᠬᠡᠷ ᠵᠢᠯ ᠤᠳ ᠳᠤ ᠬᠠᠮᠤᠭ ᠤᠨ ᠶᠡᠭᠡ ᠬᠦᠴᠦᠯᠡᠭᠰᠡᠨ ᠵᠦᠢᠯ ᠨᠢ ᠪᠤᠯ ᠰᠣᠷᠣᠯᠴᠠᠭᠰᠠᠨ ᠶᠤᠮ᠂ | ᠨᠠᠳᠠ ᠳᠤ ᠬᠡᠷᠡᠭᠴᠡᠭᠡᠲᠡᠢ ᠶᠠᠮᠠᠷ ᠨᠢᠬᠡᠨ ᠰᠣᠷᠣᠯᠴᠠᠯᠭ᠎ᠠ ᠪᠦᠬᠦᠨ ᠢ ᠬᠠᠶᠢᠵᠦ᠂ ᠸᠢᠴᠠᠲ ᠪᠤᠶᠤ ᠨᠢᠭᠤᠷᠳᠡᠨ ᠬᠢᠴᠢᠶᠡᠯ | ᠬᠡᠳ ᠮᠦᠩᠭᠦ ᠪᠠᠨ ᠬᠠᠶᠢᠷᠠᠯᠠᠬᠤ ᠦᠬᠡᠢ᠂ ᠴᠠᠭ ᠢᠶᠠᠨ ᠬᠠᠶᠢᠷᠠᠯᠠᠬᠤ ᠦᠬᠡᠢ ᠣᠴᠢᠵᠦ ᠰᠣᠷᠣᠯᠴᠠᠵᠦ ᠯᠡ ᠢᠷᠡᠭᠰᠡᠨ | ᠡ︕ ᠬᠤᠪᠢ ᠪᠡᠶ᠎ᠡ ᠶᠢᠨ ᠬᠦᠭᠵᠢᠯᠳᠡ ᠶᠢᠨ ᠲᠠᠯ᠎ᠠ ᠪᠠᠷ ᠰᠣᠷᠣᠯᠴᠠᠭᠰᠠᠨ ᠠᠴᠠ ᠪᠤᠯᠵᠦ ᠣᠷᠴᠢᠮ ᠤᠨ ᠵᠢᠯ | ᠢᠳᠡᠭ ᠢᠳᠡᠭ ᠪᠠᠷ ᠠᠮᠢᠳᠣᠷᠠᠯ᠂ ᠬᠤᠪᠢ ᠵᠠᠶᠠᠭ᠎ᠠ ᠦᠬᠡᠷᠡᠴᠢᠯᠡᠭᠳᠡᠭᠰᠡᠨ ᠶᠣᠮ ᠃ ᠠᠵᠢᠯᠯᠠᠵᠦ ᠪᠠᠶᠢᠨ᠎ᠠ᠂ ᠲᠠᠭᠠᠨ | ᠰᠣᠷᠣᠯᠴᠠᠵᠦ ᠯᠡ ᠪᠠᠶᠢᠨ᠎ᠠ᠂ ᠪᠦᠬᠦ ᠲᠠᠯ᠎ᠠ ᠪᠠᠷ ᠰᠣᠷᠣᠯᠴᠠᠭᠰᠠᠨ ᠡ ︶ | ᠡᠳᠡᠭᠡᠷ ᠵᠢᠯ ᠤᠳ᠂ ᠤᠯᠠᠨ ᠭᠠᠵᠠᠷ ᠢᠶᠠᠷ ᠰᠣᠷᠣᠯᠴᠠᠵᠦ᠂ ᠪᠤᠷᠤᠯᠠᠭᠤᠯᠭ᠎ᠠ ᠶᠢᠨ ᠠᠷᠭ᠎ᠠ ᠲᠤᠷᠰᠢᠯᠭ᠎ᠠ | ᠬᠤᠷᠠᠮᠳᠣᠭᠤᠯᠵᠦ᠂ ᠠᠩᠬᠠᠤᠯᠠᠮᠵᠢᠯᠠᠯᠳᠦ ᠪᠤᠷᠤᠯᠠᠭᠤᠯᠭ᠎ᠠ ᠶᠢᠨ ᠠᠷᠭ᠎ᠠ ᠪᠠᠷ ᠵᠢᠯ ᠳᠤ ᠲᠠᠪᠤᠨ ᠲᠦᠮᠡᠨ | ᠲᠦᠭᠦᠷᠢᠭ ᠤᠨ ᠤᠷᠤᠯᠭ᠎ᠠ ᠣᠯᠵᠦ ᠪᠠᠶᠢᠭᠰᠠᠨ ᠪᠠᠨ ᠰᠢᠨ᠎ᠠ ᠶᠢ ᠰᠡᠳᠬᠢᠵᠦ᠂ ᠬᠤᠯᠠ ᠶᠢ ᠬᠠᠷᠠᠵᠦ ᠶᠠᠪᠤᠳᠠᠭ | ᠬᠠᠰᠳᠣᠶᠠᠭ᠎ᠠ ᠵᠠᠬ᠎ᠠ ᠲᠡᠯᠬᠡᠭᠦᠷ ᠢ ᠠᠵᠢᠵᠦ᠂ ᠣᠶᠢᠷ᠎ᠠ ᠶᠢᠨ ᠵᠢᠯ ᠤᠳ ᠳᠤ ᠸᠢᠴᠠᠲ ᠂ ᠲᠢᠺ ᠲᠤᠺ ᠂ ᠶᠢᠦ | ᠪᠦᠸᠧ ᠵᠡᠷᠭᠡ ᠰᠢᠨ᠎ᠠ ᠰᠢᠨ᠎ᠠ ᠰᠦᠯᠵᠢᠶ᠎ᠡ ᠬᠤᠯᠪᠤᠭᠠᠨ ᠤ ᠵᠠᠮ ᠱᠣᠭᠤᠮ ᠢ ᠴᠦᠮ ᠠᠰᠢᠭᠯᠠᠨ ᠰᠢᠭᠤᠳ | ᠨᠡᠪᠳᠡᠷᠡᠬᠦᠯᠬᠡ ᠬᠢᠵᠦ ᠪᠤᠷᠤᠯᠠᠭᠤᠯᠭ᠎ᠠ ᠶᠢᠨ ᠰᠢᠨ᠎ᠠ ᠵᠠᠮ ᠢ ᠨᠡᠬᠡᠬᠡᠵᠦ ᠂ ᠠᠷᠠᠯᠵᠢᠶ᠎ᠠ ᠨᠢ ᠡᠳᠦᠷ ᠠᠴᠠ ᠡᠳᠦᠷ | ᠰᠠᠶᠢᠵᠢᠷᠠᠵᠦ ᠂ ᠲᠡᠭᠦᠨ ᠤ ᠰᠢᠭᠤᠳ ᠨᠡᠪᠳᠡᠷᠡᠬᠦᠯᠬᠡ ᠳᠤ ᠣᠷᠣᠯᠴᠠᠵᠦ ᠪᠠᠶᠢᠬᠤ ᠦᠵᠡᠭᠴᠢᠳ ᠤᠨ ᠲᠤᠭ᠎ᠠ | ᠡᠳᠦᠷ ᠪᠦᠷᠢ 4 ᠮᠢᠩᠭ᠎ᠠ ᠶᠢ ᠲᠠᠪᠠᠨ᠂ ᠠᠷᠠᠯᠵᠢᠶ᠎ᠠ ᠮᠠᠶᠢᠮᠠᠢ ᠶᠢᠨ ᠬᠦᠷᠢᠶ᠎ᠡ ᠴᠠᠷ᠎ᠠ ᠨᠢ ᠡᠳᠦᠷ ᠢᠷᠡᠬᠦᠶ᠎ᠡ | ᠦᠷᠬᠡᠵᠢᠨ᠂ ᠰᠦᠨᠢᠳ ᠪᠠᠷᠠᠭᠤᠨ ᠬᠤᠰᠢᠭᠤ᠂ ᠰᠢᠯᠤᠭᠤᠨ ᠬᠦᠬᠡ ᠬᠤᠰᠢᠭᠤ᠂ ᠣᠷᠳᠣᠰ᠂ ᠠᠯᠠᠱᠠ ᠵᠡᠷᠭᠡ | ᠡᠯ᠎ᠠ ᠭᠠᠵᠠᠷ ᠤᠳ ᠪᠠᠷ ᠵᠠᠭᠤ ᠢᠯᠡᠬᠦᠦ ᠣᠷᠣᠯᠠᠨ ᠪᠤᠷᠤᠯᠠᠭᠤᠯᠤᠭᠴᠢ ᠲᠠᠢ ᠪᠤᠯᠵᠦ᠂ ᠰᠠᠷ᠎ᠠ ᠳᠠᠭᠠᠨ 10 ᠠᠴᠠ20 | ᠲᠦᠮᠡᠨ ᠲᠦᠭᠦᠷᠢᠭ ᠤᠨ ᠠᠰᠢᠭ ᠣᠷᠣᠯᠭ᠎ᠠ ᠶᠢ ᠡᠬᠦᠳᠴᠦ ᠂ ᠲᠡᠷᠭᠡᠳᠡᠬᠢ ᠭᠡᠷ ᠲᠡᠭᠡᠨ ᠬᠡᠣᠬᠡᠳ ᠪᠠᠨ ᠬᠠᠷᠠᠨ | ᠣᠷᠣᠯᠭ᠎ᠠ ᠦᠬᠡᠢ ᠰᠠᠭᠤᠵᠦ ᠪᠠᠶᠢᠭ᠎ᠠ ᠪᠦᠰᠡᠭᠦᠶᠢᠴᠦᠳ ᠶᠢ ᠲᠠᠶᠢᠴᠢᠯᠠᠨ ᠲᠠᠭᠠᠭᠤᠯᠵᠦ ᠂ ᠬᠤᠪᠢ ᠪᠡᠶ᠎ᠡ ᠶᠢᠨ | ᠬᠦᠭᠵᠢᠯᠳᠡ ᠬᠤᠪᠢᠷᠠᠯᠳᠠᠢᠨ ᠲᠠᠯ᠎ᠠ ᠪᠠᠷ ᠰᠦᠯᠵᠢᠶᠡᠨᠬᠢᠴᠢᠶᠡᠯ ᠨᠡᠭᠡᠭᠡᠵᠦ ᠂ ᠦᠪᠡᠷ ᠤᠨ ᠠᠷᠭ᠎ᠠ ᠲᠤᠷᠰᠢᠯᠭ᠎ᠠ | ᠪᠠᠨ ᠬᠤᠪᠢᠶᠠᠯᠴᠠᠵᠦ ᠶᠠᠪᠤᠨ᠎ᠠ᠃ | ᠰᠣᠷᠪᠣᠯᠵᠢᠯᠠᠭ᠎ᠠ᠄ ᠬᠠᠰᠳᠣᠶᠠᠭ᠎ᠠ | ︵ ᠣᠳᠦ ᠪᠤᠯ ᠦᠪᠡᠷ ᠢᠶᠠᠨ ᠵᠤᠬᠢᠶᠠᠨ ᠪᠠᠶᠢᠭᠤᠯᠤᠯᠳᠠ ᠬᠢᠵᠦ ᠬᠠᠷᠠᠴᠠ ᠪᠤᠷᠤᠯᠠᠭᠤᠯᠤᠯᠭ᠎ᠠ ᠶᠢᠨ | ᠪᠦᠯᠬᠦᠮ ᠢ ᠪᠠᠶᠢᠭᠤᠯᠵᠦ᠂ ᠡᠬᠦᠨ ᠤ ᠪᠠᠨ ᠰᠠᠭᠤᠷᠢᠨ ᠲᠡᠭᠡᠷ᠎ᠠ᠂ ᠲᠤᠮᠳᠠᠳᠦ ᠣᠯᠣᠰ ᠤᠨ ᠪᠡᠨᠨᠡᠷᠡᠳᠦ | ᠪᠦᠳᠦᠭᠡᠭᠳᠡᠬᠦᠨ ᠤᠳ ᠢ ᠨᠡᠩ ᠠᠷᠪᠢᠨ ᠬᠡᠷᠡᠭᠯᠡᠭᠴᠢᠳ ᠲᠤ ᠠᠮᠤᠷ ᠲᠦᠪᠰᠢᠨ ᠬᠡᠷᠡᠭᠯᠡᠭᠦᠯᠵᠦ ᠪᠠᠶᠢᠨ᠎ᠠ᠂ ᠶᠢᠦ | ᠪᠦᠸᠧ ᠰᠢᠭᠤᠤᠨ ᠨᠡᠪᠳᠡᠷᠡᠬᠦᠯᠬᠡ ᠶᠢ ᠪᠤᠯ ᠦᠪᠦᠷ ᠮᠤᠩᠭᠤᠯ ᠳᠤ ᠭᠤᠷᠪᠠᠳᠡᠬᠢ ᠬᠦᠮᠦᠨ ᠨᠢ ᠪᠤᠯᠵᠦ | ᠲᠠᠩᠰᠠᠯᠠᠭᠤᠯᠵᠦ ᠨᠡᠭᠡᠭᠡᠭᠰᠡᠨ ᠠᠴᠠ ᠦᠨᠦᠳᠦᠷ ᠪᠤᠯᠬᠤ ᠳᠤ ᠬᠡᠷᠡᠭᠯᠡᠭᠴᠢ ᠴᠦ ᠮᠠᠰᠢ ᠣᠯᠠᠨ ᠬᠦᠯᠢᠶᠡᠨ ᠠᠪᠴᠦ᠂ | ᠪᠤᠷᠤᠯᠠᠭᠤᠯᠭ᠎ᠠ ᠴᠦ ᠮᠠᠰᠢ ᠤᠯᠵᠠᠪᠦᠷᠢᠳᠠᠢ ᠶᠠᠪᠤᠵᠦ ᠪᠠᠶᠢᠨ᠎ᠠ ᠂ ᠪᠢ ᠦᠪᠡᠷ ᠢᠶᠠᠨ ᠪᠤᠯ ᠪᠠᠭᠰᠢ ᠪᠤᠯᠬᠤ | ᠬᠦᠰᠡᠯᠡᠩ ᠲᠠᠢ ᠪᠠᠶᠢᠭᠰᠠᠨ᠂ ᠣᠣᠯ ᠨᠢ ᠰᠠᠶᠢᠨ ᠰᠣᠷᠳᠠᠭ ᠰᠣᠷᠣᠭᠴᠢ ᠂ ᠪᠠᠭᠰᠢ ᠶᠢᠨ ᠰᠣᠷᠭᠠᠭᠤᠯᠢ ᠳᠤ | ᠣᠷᠣᠭᠰᠠᠨ ᠪᠤᠯᠪᠠᠴᠦ ᠭᠡᠷ ᠤᠨ ᠠᠮᠢᠳᠣᠷᠠᠯ ᠤᠨᠨᠦ᠋ᠬᠦᠴᠡᠯ ᠠᠴᠠ ᠪᠠᠨ ᠪᠤᠯᠤᠭᠠᠳ ᠶᠠᠪᠤᠵᠦ ᠴᠢᠳᠠᠭ᠎ᠠ ᠦᠬᠡᠢ᠂ | ᠮᠦᠷᠦᠬᠡᠳᠦᠯ ᠢᠩᠭᠢᠭᠡᠳ ᠬᠠᠭᠠᠭᠳᠠᠭᠰᠠᠨ ᠬᠡᠵᠦ ᠪᠤᠳᠤᠵᠦ ᠪᠠᠶᠢᠭᠰᠠᠨ ᠴᠢᠨᠢ ᠰᠡᠬᠦᠯ ᠤᠨ ᠦᠶ᠎ᠡ ᠳᠤ ᠨᠡᠶᠢᠬᠡᠮ | ᠲᠡᠭᠡᠷ᠎ᠠ ᠭᠠᠷᠴᠦ ᠰᠣᠷᠣᠯᠴᠠᠭᠠᠳ ᠤᠳᠦ ᠮᠦᠨ ᠦᠪᠡᠷ ᠤᠨ ᠪᠠᠭᠰᠢ ᠪᠤᠯᠬᠤ ᠬᠦᠰᠡᠯᠡᠩ ᠪᠠᠨ ᠪᠡᠶᠡᠯᠡᠬᠦᠯᠵᠦ ᠪᠠᠶᠢᠨ᠎ᠠ | ᠡ︕ ︶ | ᠬᠦᠮᠦᠨ ᠤ ᠠᠮᠢᠳᠣᠷᠠᠯ ᠤᠨ ᠵᠠᠮ ᠶᠡᠷᠦᠨᠢ ᠰᠢᠭᠤᠳ ᠰᠢᠯᠤᠭᠤᠨ ᠪᠠᠶᠢᠳᠠᠭ ᠦᠬᠡᠢ᠂ ᠦᠨᠦᠳᠦᠷ ᠤᠨ | ᠠᠮᠵᠢᠯᠳᠠ ᠳᠤ ᠬᠢᠯᠠᠷᠠᠭᠤᠯᠵᠦ ᠪᠠᠶᠢᠭ᠎ᠠ ᠬᠠᠰᠳᠣᠶᠠᠭ᠎ᠠ ᠴᠦ ᠬᠤᠳᠠ ᠣᠷᠣᠵᠦ ᠦᠢᠯᠡᠰ ᠪᠤᠰᠬᠠᠵᠦ᠂ ᠡᠳᠡᠭᠡᠷ ᠵᠢᠯ | ᠮᠠᠰᠢ ᠣᠯᠠᠨ ᠬᠦᠴᠢᠷ ᠪᠡᠷᠬᠡᠰᠢᠶᠡᠯ ᠢ ᠲᠤᠭᠤᠯᠵᠦ ᠶᠠᠪᠤᠬᠤ ᠳᠠᠭᠠᠨ ᠰᠡᠳᠬᠡᠯ ᠦᠨᠲ᠋ᠦ᠋ᠰᠢᠭ ᠪᠤᠯᠵᠦ ᠢᠷᠡᠭᠰᠡᠨ | ᠰᠠᠶᠢᠬᠠᠨ ᠬᠦᠮᠦᠰ ᠲᠠᠢ ᠲᠠᠨᠢᠯᠴᠠᠵᠦ᠂ ᠲᠡᠬᠦᠨ ᠢ ᠲᠤᠰᠠᠯᠠᠵᠦ ᠲᠡᠮᠵᠢᠵᠦ ᠵᠤᠷᠢᠭᠵᠢᠭᠤᠯᠤᠭᠰᠠᠭᠠᠷ ᠢᠷᠡᠭᠰᠡᠨ ᠢ | ᠡᠷᠬᠢᠴᠡᠬᠦᠯᠦᠨ ᠶᠠᠷᠢᠬᠤ ᠳᠠᠭᠠᠨ ᠨᠢᠳᠦᠨ ᠳᠤᠨᠢ ᠵᠠᠶᠢᠷ ᠬᠦᠶᠦᠵᠦ ᠪᠠᠶᠢᠯ᠎ᠠ ᠃ | ᠰᠣᠷᠪᠣᠯᠵᠢᠯᠠᠭ᠎ᠠ᠄ ᠬᠠᠰᠳᠣᠶᠠᠭ᠎ᠠ᠄ ︵ᠡᠷᠢᠶᠡᠨ ᠬᠤᠳᠠ ᠳᠤ ᠢᠷᠡᠭᠡᠳ ᠪᠤᠤ ᠶᠢᠨ ᠬᠤᠸᠠ ᠬᠡᠳᠡᠭ | ᠰᠠᠶᠢᠬᠠᠨ ᠡᠵᠢ ᠲᠠᠢ ᠲᠠᠨᠢᠯᠴᠠᠭᠰᠠᠨ ᠶᠤᠮ ᠡ︕ ᠬᠡᠴᠢᠨᠡᠨ ᠬᠦᠴᠢᠷ ᠪᠡᠷᠬᠡᠰᠢᠶᠡᠯ᠂ ᠪᠠᠶᠠᠷ ᠬᠦᠷ ᠢ ᠴᠦᠮ | ᠬᠠᠮᠳᠦ ᠳᠠᠭᠠᠨ ᠬᠤᠪᠢᠶᠠᠯᠴᠠᠵᠦ ᠶᠠᠪᠤᠳᠠᠭ ᠡ᠂ ᠪᠦᠳᠦᠷᠢᠵᠦ ᠶᠠᠪᠤᠬᠤ ᠳᠤ ᠮᠢᠨᠢ ᠨᠠᠮ᠎ᠠ ᠶᠢ ᠣᠷᠠᠮᠰᠢᠭᠤᠯᠵᠦ ᠮᠢᠨᠤ | ᠰᠡᠳᠬᠡᠯ ᠤᠨ ᠲᠦᠰᠢᠭ ᠪᠤᠯᠤᠭᠰᠠᠭᠠᠷ ᠢᠷᠡᠭᠰᠡᠨ ᠂ ᠵᠠᠷᠢᠮ ᠦᠶ᠎ᠡ ᠳᠤ ᠠᠵᠢᠯ ᠢ ᠬᠢᠬᠦ ᠳᠤ ᠵᠦᠭ ᠴᠢᠭ ᠦᠬᠡᠢ | ᠪᠤᠯᠬᠤ ᠦᠶ᠎ᠡ ᠳᠤ ᠲᠦᠷᠦᠭᠰᠡᠨ ᠡᠵᠢ ᠰᠢᠭ ᠨᠠᠳᠠ ᠶᠢ ᠬᠡᠴᠢᠨᠡᠨ ᠴᠦ ᠣᠳᠠᠭ᠎ᠠ ᠵᠤᠷᠢᠭᠵᠢᠭᠤᠯᠵᠤ ᠲᠡᠮᠵᠢᠵᠦ | ᠪᠠᠶᠢᠭᠰᠠᠨ ᠶᠤᠮ ︶ | ᠰᠣᠷᠪᠣᠯᠵᠢᠯᠠᠭ᠎ᠠ᠄ ᠪᠤᠤ ᠶᠢᠨ ᠬᠤᠸᠠ | ︵ ᠬᠠᠰᠳᠣᠶᠠᠭ᠎ᠠ ᠪᠤᠯ ᠠᠪᠤ ᠡᠵᠢ ᠪᠠᠨ ᠬᠦᠨᠳᠦᠯᠡᠨᠠ᠂ ᠬᠡᠣᠬᠡᠳ ᠲᠡᠭᠦᠨᠠᠷ ᠢᠶᠠᠨ ᠵᠢᠭᠠᠨ ᠬᠦᠮᠦᠵᠢᠬᠦᠯᠦᠨ᠎ᠠ᠂ | ᠡᠨᠡ ᠵᠢᠯ ᠪᠤᠯ ᠣᠯᠣᠰ ᠨᠡᠶᠢᠬᠡᠮ ᠬᠢᠵᠢᠭ ᠤᠨ ᠪᠠᠶᠢᠳᠠᠯ ᠬᠡᠳ ᠂ ᠲᠡᠷᠡ ᠪᠠᠰᠠᠨᠢᠬᠡ ᠬᠡᠰᠡᠭ ᠵᠤᠷᠢᠭ ᠮᠤᠬᠤᠵᠦ | ᠦᠩᠭᠡᠷᠡᠭᠰᠡᠨ ᠣᠳᠠᠭ᠎ᠠ ᠲᠠᠢ᠂ ᠬᠡᠬᠦ ᠳᠤ ᠰᠢᠭᠤᠳ ᠨᠡᠪᠳᠡᠷᠡᠭᠦᠯᠬᠡ ᠪᠠᠨ ᠰᠠᠶᠢᠬᠠᠨ ᠵᠤᠷᠢᠭᠳᠠᠢ ᠬᠢᠵᠦ ᠪᠠᠢ ᠬᠡᠵᠦ | ᠵᠤᠷᠢᠭᠵᠢᠭᠤᠯᠵᠣ᠂ ᠣᠳᠦ ᠮᠠᠶᠢᠮᠠᠢ ᠨᠢ ᠴᠦ ᠮᠠᠰᠢ ᠰᠠᠶᠢᠨ ᠪᠠᠶᠢᠨ᠎ᠠ ︶ | ᠬᠦᠮᠦᠨ ᠦᠪᠡᠷ ᠤᠨ ᠬᠠᠷᠠᠯᠳᠠ ᠵᠤᠷᠢᠯᠳᠠ ᠲᠠᠢ ᠦᠶ᠎ᠡ ᠳᠤ ᠦᠷᠬᠦᠯᠵᠢ ᠶᠠᠭᠠᠷᠠᠵᠦ ᠯᠡ ᠡᠬᠢᠯᠡᠳᠡᠭ ᠬᠡᠭᠴᠢ | ᠪᠠᠷ ᠬᠠᠰᠳᠣᠶᠠᠭ᠎ᠠ ᠨᠢᠳᠦᠨ ᠡᠮᠦᠨᠡᠬᠢ ᠠᠰᠢᠭ ᠣᠯᠵᠠ ᠳᠠᠭᠠᠨ ᠣᠮᠣᠷᠬᠠᠵᠦ ᠰᠠᠭᠤᠭᠰᠠᠨ ᠦᠬᠡᠢ ᠬᠠᠷᠢᠨ ᠴᠠᠭ | ᠢᠮᠠᠭᠳᠠᠯᠡ ᠠᠷᠠᠯᠵᠢᠶ᠎ᠠ ᠬᠤᠳᠠᠯᠳᠣᠭᠠᠨ ᠤ ᠪᠤᠷᠤᠯᠠᠭᠤᠯᠭ᠎ᠠ ᠶᠢᠨ ᠰᠢᠨ᠎ᠠ ᠠᠷᠭ᠎ᠠ ᠵᠠᠮ ᠢ ᠲᠠᠰᠣᠷᠠᠯᠳᠠ ᠦᠬᠡᠢ | ᠰᠦᠪᠡᠭᠴᠢᠯᠡᠬᠦ ᠶᠢᠨ ᠲᠠᠭᠠᠦ ᠦᠪᠦᠷ ᠮᠤᠩᠭᠤᠯ ᠤᠨ ᠬᠠᠷᠠᠴᠠ ᠠᠷᠠᠯᠵᠢᠶ᠎ᠠ ᠬᠤᠳᠠᠯᠳᠣᠭᠠᠨ ᠤ ᠬᠢᠵᠠᠭᠠᠷᠳᠦ ᠺᠤᠮᠫᠠᠨᠢ | ᠶᠢ ᠪᠠᠶᠢᠭᠤᠯᠵᠦ᠂ ᠣᠶᠢᠷᠠᠬᠠᠨ᠂ ᠪᠠᠰᠠ ᠲᠡᠬᠦᠨ ᠲᠠᠢ ᠠᠳᠠᠯᠢ ᠵᠤᠷᠢᠯᠳᠠᠪᠤᠳᠤᠯ ᠲᠠᠢ ᠨᠠᠶᠢᠵᠠ ᠲᠠᠢ ᠪᠠᠨ | ᠬᠠᠮᠳᠣᠷᠠᠨ ᠡᠮᠡᠭᠳᠡᠶᠢᠴᠦᠳ ᠤᠨ ᠠᠷᠠᠯᠵᠢᠶ᠎ᠠ ᠬᠤᠳᠠᠯᠳᠣᠭᠠᠨ ᠤ ᠨᠡᠶᠢᠬᠡᠮᠯᠢᠭ ᠶᠢ ᠪᠠᠶᠢᠭᠤᠯᠤᠭᠰᠠᠨ ᠪᠠᠶᠢᠨ᠎ᠠ᠃ | ᠨᠡᠶᠢᠭᠡᠮᠯᠢᠭ ᠨᠢ ᠦᠢᠯᠡᠰ ᠪᠤᠰᠬᠠᠵᠦ ᠪᠠᠶᠢᠭ᠎ᠠ ᠪᠤᠶᠤ ᠠᠵᠢᠯ ᠦᠢᠯᠡᠰ ᠲᠡᠭᠡᠨ ᠬᠢᠯᠠᠷᠠᠭᠤᠯᠵᠦ ᠶᠠᠪᠤᠭ᠎ᠠ ᠲᠤᠮᠳᠠ | ᠪᠠᠭᠠᠠᠵᠦ ᠠᠬᠤᠶᠢᠯᠳᠡᠨ ᠡᠮᠡᠭᠳᠡᠶᠢᠴᠦᠳ ᠪᠠᠷ ᠪᠦᠷᠢᠯᠳᠦᠵᠦ᠂ ᠰᠣᠷᠠᠭ ᠵᠠᠩᠬᠢ᠂ ᠰᠤᠷᠤᠯᠴᠠᠯᠭ᠎ᠠ᠂ | ᠣᠬᠠᠭᠤᠯᠭ᠎ᠠ᠂ ᠬᠤᠳᠠᠯᠳᠣᠭᠠᠨ ᠤ ᠠᠵᠠ ᠲᠤᠬᠢᠶᠠᠯ ᠡᠬᠢ ᠰᠣᠷᠪᠣᠯᠵᠢ ᠵᠡᠷᠭᠡ ᠶᠢ ᠬᠠᠮᠳᠦ ᠳᠠᠭᠠᠨ ᠬᠤᠪᠢᠶᠠᠯᠴᠠᠬᠤ | ᠲᠠᠪᠴᠠᠩ ᠢ ᠪᠦᠷᠢᠯᠳᠦᠬᠦᠯᠵᠦ ᠪᠠᠶᠢᠨ᠎ᠠ᠃ | ᠰᠣᠷᠪᠣᠯᠵᠢᠯᠠᠭ᠎ᠠ᠄ ᠬᠠᠰᠳᠣᠶᠠᠭ᠎ᠠ ( ᠮᠠᠰᠢ ᠠᠷᠪᠢᠨ ᠲᠠᠯ᠎ᠠ ᠲᠡᠭᠡᠷ᠎ᠠ ᠪᠢᠳᠠ ᠬᠠᠮᠳᠣᠷᠠᠵᠦ ᠪᠤᠯᠤᠨ᠎ᠠ᠂ | ᠬᠠᠷᠢᠯᠴᠠᠨ ᠰᠣᠷᠣᠯᠴᠠᠬᠤ ᠲᠠᠪᠴᠠᠩ ᠢ ᠵᠤᠬᠢᠶᠠᠨ ᠪᠠᠶᠢᠭᠤᠯᠬᠤ ᠡᠬᠦᠳᠡᠨ ᠠᠴᠠ ᠡᠨᠡ ᠨᠡᠶᠢᠭᠡᠮᠯᠢᠭ ᠢ ᠪᠠᠶᠢᠭᠤᠯᠤᠭᠰᠠᠨ | ᠶᠣᠮ︶ | ᠳᠡᠮᠲ᠋ᠡᠮ ᠳᠡᠭᠡᠨ᠂ ᠲᠡᠭᠡᠰᠦ ᠡᠷᠴᠢᠮ ᠳᠡᠭᠡᠨ ᠬᠡᠳᠡᠭᠴᠢᠯᠡᠨᠦᠪᠡᠷᠰᠡᠳᠪᠡᠨᠦᠢᠯᠡᠰ ᠴᠤᠭᠴᠠᠯᠠᠵᠤ ᠶᠠᠪᠤᠬᠤ | ᠶᠢᠨ ᠲᠠᠰᠢᠷᠠᠮ᠂ ᠲᠡᠷᠬᠡᠳᠡᠬᠢ ᠦᠢᠯᠡᠰ ᠪᠤᠰᠬᠠᠵᠦ ᠪᠠᠶᠢᠭ᠎ᠠ ᠡᠮᠡᠭᠳᠡᠶᠢᠴᠦᠳ ᠬᠠᠷᠢᠯᠴᠠᠨ ᠲᠤᠰᠯᠠᠯᠴᠠᠵᠦ᠂ | ᠨᠡᠶᠢᠬᠡᠮᠯᠢᠭ ᠤᠨ ᠪᠦᠬᠦ ᠡᠮᠡᠭᠳᠡᠶᠢᠴᠦᠳ ᠦᠪᠡᠷ ᠤᠨ ᠰᠠᠶᠢᠨ ᠲᠤᠷ᠎ᠠ ᠠᠴᠠ ᠪᠠᠨ ᠨᠡᠶᠢᠬᠡᠮ ᠨᠡᠶᠢᠳᠡ ᠳᠤ ᠬᠡᠷᠡᠭᠴᠡᠭᠡᠲᠡᠢ | ᠪᠤᠶᠠᠨᠰᠠᠭ ᠦᠢᠯᠡᠠᠵᠢᠯᠯᠠᠭ᠎ᠠ ᠰᠠᠷ᠎ᠠ ᠪᠤᠯᠭᠠᠨ ᠳᠤ ᠨᠢᠭᠡ ᠣᠳᠠᠭ᠎ᠠ ᠥᠷᠨᠢᠬᠦᠯᠬᠦ ᠪᠠᠷ ᠲᠦᠯᠦᠪᠯᠡᠵᠦ᠂ ᠡᠮᠦᠨᠡᠬᠡᠨ | ᠡᠵᠢ ᠶᠢᠨ ᠪᠠᠶᠠᠷ ᠢ ᠪᠡᠯᠡᠭᠯᠡᠵᠦ᠂ ᠭᠤᠷᠪᠠᠨ ᠦᠶ᠎ᠡ ᠶᠢᠨ ᠬᠦᠮᠦᠰ ᠢ ᠨᠢᠬᠡᠨ ᠲᠤᠤᠷ᠎ᠠ ᠴᠤᠭᠯᠠᠭᠤᠯᠤᠨ ᠲᠤᠭᠯᠠᠯᠳᠠ | ᠭᠠᠷᠭᠠᠨ᠂ ᠮᠠᠰᠢ ᠣᠯᠠᠨ ᠡᠵᠢ ᠪᠤᠯᠤᠭᠰᠠᠳ ᠢ ᠪᠠᠶᠠᠷᠯᠠᠭᠤᠯᠤᠨ᠂ ᠨᠡᠶᠢᠬᠡᠮ ᠨᠡᠶᠢᠳᠡ ᠳᠤ ᠦᠪᠡᠷ ᠤᠨ ᠨᠢᠬᠡᠨ | ᠬᠤᠪᠢ ᠬᠦᠴᠦᠨ ᠪᠠᠨ ᠡᠷᠬᠦᠵᠦ ᠶᠠᠪᠤᠨ᠎ᠠ᠃ | ᠰᠣᠷᠪᠣᠯᠵᠢᠯᠠᠭ᠎ᠠ᠄ ᠬᠠᠰᠳᠣᠶᠠᠭ᠎ᠠ᠄ ( ᠨᠢᠭᠡ ᠳᠤ ᠡᠨᠡ ᠡᠵᠢ ᠤᠳ ᠤᠨ ᠰᠠᠶᠢᠬᠠᠨ ᠭᠤᠶᠤᠮᠰᠤᠭ ᠢ | ᠭᠠᠷᠭᠠᠭᠠᠳ ᠡᠵᠢ ᠤᠳ ᠪᠠᠨ ᠪᠠᠶᠠᠷᠯᠠᠭᠤᠯᠤᠶ᠎ᠠ᠂ ᠬᠤᠶᠠᠳᠣᠭᠠᠷ ᠲᠤ ᠪᠤᠯ ᠵᠠᠯᠠᠭᠤ ᠪᠦᠰᠡᠭᠦᠶᠢᠴᠣᠣᠯ ᠨᠢ ᠨᠠᠰᠣᠳᠡᠨ | ᠪᠠᠨ ᠬᠦᠨᠳᠦᠯᠡᠵᠦ᠂ ᠬᠡᠣᠬᠡᠳ ᠤᠳ ᠪᠠᠨ ᠲᠠᠭᠠᠭᠤᠯᠵᠦ᠂ ᠨᠡᠶᠢᠬᠡᠮ ᠤᠨ ᠨᠡᠩ ᠠᠷᠪᠢᠨ ᠬᠦᠮᠦᠰ ᠤᠳ ᠤᠨ ᠲᠤᠮᠳᠠ | ᠤᠷᠤᠶᠢᠯᠠᠵᠦ ᠲᠠᠭᠠᠭᠤᠯᠭ᠎ᠠ ᠬᠢᠬᠦ ᠲᠦᠯᠦᠪᠯᠡᠭᠡ ᠪᠠᠷ ᠡᠵᠢ ᠶᠢᠨ ᠪᠠᠶᠠᠷ ᠢ ᠵᠤᠬᠢᠶᠠᠨ ᠪᠠᠶᠢᠭᠤᠯᠤᠭᠰᠠᠨ ᠶᠤᠮ ᠡ︕︶ | ᠪᠢᠳᠠ ᠬᠠᠰᠳᠣᠶᠠᠭ᠎ᠠ ᠶᠢ ᠰᠣᠷᠪᠣᠯᠵᠢᠯᠠᠵᠦ ᠪᠠᠶᠢᠬᠤ ᠳᠤ ᠂ ᠲᠡᠷᠡ ᠨᠡᠶᠢᠭᠡᠮᠯᠢᠭ ᠤᠨ ᠬᠡᠰᠢᠬᠦᠳ ᠲᠠᠢ ᠪᠠᠨ | ᠬᠠᠮᠳᠦ ᠲᠠᠷᠠᠭᠠᠴᠢ ᠶᠢᠨ ᠪᠤᠶᠠᠨᠰᠠᠭ ᠠᠵᠢᠯ ᠳᠠᠭᠠᠨ ᠪᠠᠶᠢᠷᠢᠯᠠᠭᠤᠯᠤᠯᠳᠠ ᠬᠢᠵᠦ ᠮᠣᠩᠭᠠᠨᠢᠵᠦ ᠯᠡ ᠪᠠᠶᠢᠯ᠎ᠠ ᠃ | ᠰᠣᠷᠪᠣᠯᠵᠢᠯᠠᠭ᠎ᠠ᠄ ᠬᠠᠰᠳᠣᠶᠠᠭ᠎ᠠ᠄ ( ᠶᠠᠮᠠᠷ ᠨᠢᠬᠡᠨ ᠵᠦᠢᠯ ᠢ ᠢᠳᠡᠬᠡᠯ ᠵᠤᠷᠢᠭ ᠲᠠᠢ ᠪᠤᠯᠤᠨ᠎ᠠ ᠬᠡᠵᠦ | ᠪᠤᠳᠤᠭᠠᠳ ᠬᠢᠬᠦ ᠳᠤ ᠪᠦᠳᠦᠬᠦ ᠪᠤᠯᠤᠮᠵᠢ ᠪᠠᠶᠢᠨ᠎ᠠ᠂ ᠡᠶᠢᠮᠦ ᠠᠴᠠ ᠪᠠᠨ ᠦᠪᠡᠷ ᠤᠨ ᠠᠮᠢᠳᠣᠷᠠᠯ ᠳᠠᠭᠠᠨ ᠭᠤᠨᠢᠵᠦ | ᠭᠤᠳᠣᠷᠠᠵᠦ ᠰᠠᠭᠤᠬᠤ ᠶᠢᠨ ᠣᠷᠣᠨ ᠳᠤ ᠮᠠᠰᠢ ᠬᠤᠷᠳᠣᠨ ᠪᠠᠷ ᠦᠪᠡᠷ ᠤᠨ ᠪᠡᠶ᠎ᠡ ᠪᠠᠨ ᠦᠬᠡᠷᠡᠴᠢᠯᠡᠵᠦ | ᠰᠣᠷᠣᠯᠴᠠᠵᠦ ᠡᠬᠢᠯᠡᠬᠦ ᠨᠢ ᠶᠠᠭᠤᠨ ᠠᠴᠠ ᠴᠦ ᠴᠢᠬᠤᠯᠠ ᠬᠡᠵᠦ ᠪᠤᠳᠤᠳᠠᠭ ᠡ︕ ᠲᠡᠭᠡᠪᠡᠯ ᠢᠷᠡᠬᠡᠳᠦᠢ ᠳᠤ ᠪᠠᠶᠠᠷ | ᠪᠠᠶᠠᠰᠬᠤᠯᠠᠩ ᠲᠠᠢ ᠠᠮᠢᠳᠣᠷᠠᠯ ᠬᠦᠷᠴᠦ ᠢᠷᠡᠨ᠎ᠠ ᠬᠡᠳᠡᠭ ᠳᠤ ᠢᠳᠡᠭᠡᠯᠳᠠᠢ ᠪᠠᠶᠢᠨ᠎ᠠ ᠮᠦᠨᠴᠦ ᠦᠪᠡᠷ ᠤᠨ ᠪᠡᠶ᠎ᠡ ᠪᠠᠷ | ᠢᠶᠠᠨ ᠮᠡᠳᠡᠷᠡᠵᠦ ᠪᠠᠶᠢᠨ᠎ᠠ ) | ᠬᠦᠳᠦᠯᠦᠭᠴᠢ ᠶᠢᠨ ᠦᠬᠡ᠄ ᠦᠨᠳᠦᠷ ᠬᠦᠭᠵᠢᠯᠳᠡ ᠲᠠᠪᠰᠢᠯᠳᠠ ᠲᠠᠢ ᠡᠨᠡ ᠡᠷᠡᠨ ᠳᠤ ᠦᠪᠡᠷ ᠢ ᠪᠠᠨ | ᠴᠠᠭ ᠢᠮᠠᠭᠳᠠ ᠬᠦᠭᠵᠢᠬᠦᠯᠵᠦ ᠪᠠᠶᠢᠭ᠎ᠠ ᠬᠦᠮᠦᠰ ᠲᠤ ᠠᠵᠠ ᠲᠤᠬᠢᠶᠠᠯ ᠢ ᠠᠳᠬᠤᠵᠦ ᠴᠢᠳᠠᠬᠤ ᠢᠳᠡᠬᠡᠯ ᠲᠠᠢ | ᠪᠠᠶᠢᠵᠦ᠂ ᠴᠠᠭ ᠦᠶ᠎ᠡ ᠲᠠᠢ ᠪᠠᠨ ᠵᠡᠷᠬᠡᠴᠡᠭᠰᠡᠨ ᠰᠢᠨ᠎ᠠ ᠵᠠᠮ ᠢ ᠡᠷᠢᠯᠬᠢᠯᠡᠵᠦ ᠯᠡ ᠪᠠᠶᠢᠪᠠᠯ ᠰᠠᠶᠢᠨ ᠰᠠᠶᠢᠬᠠᠨ | ᠢᠷᠡᠬᠡᠳᠦᠢ ᠲᠠᠯᠠᠯᠤᠵᠦ ᠪᠠᠶᠢᠨ᠎ᠠ ᠡ︕ ᠡᠷᠬᠢᠮ ᠦᠵᠡᠭᠴᠢᠳ ᠡ︕ ᠮᠠᠨ ᠤ ᠨᠡᠪᠳᠡᠷᠡᠬᠦᠯᠬᠡ ᠶᠢᠨ ᠡᠨᠡ ᠴᠠᠭ ᠤᠨ | ᠳ᠋ᠣᠭᠠᠷ ᠠᠳᠡ ᠬᠦᠷᠦᠬᠡᠳ ᠦᠨᠳᠦᠷᠯᠡᠬᠦ ᠪᠤᠯᠤᠯ᠎ᠠ᠂ ᠲᠠᠷᠠᠭᠠᠴᠢ ᠢᠨᠳᠣᠭᠠᠷ ᠢᠶᠠᠷ ᠪᠠᠶᠠᠷᠳᠠᠢ ᠵᠤᠯᠭᠠᠶ᠎ᠠ︕ | ᠡᠷᠢᠶᠡᠨ ᠬᠤᠳᠠ ᠶᠢᠨ ᠲᠧᠯᠸᠢᠰ ᠬᠤᠷᠢᠶᠠᠨ ᠤ ᠰᠣᠷᠪᠣᠯᠵᠢᠯᠠᠭᠴᠢ | ᠬᠠᠶᠢᠷ᠎ᠠ ᠪᠠᠶᠠᠰᠬᠤᠯᠡᠩ ᠮᠡᠳᠡᠭᠡᠯᠡᠪᠠ | | |