ᠤᠮᠠᠷᠠᠲᠤ ᠶᠢᠨ ᠵᠢᠵᠢᠭ ᠬᠤᠳᠠ᠄ ᠡᠷᠢᠶᠡᠨ ᠬᠤᠳᠠ
ᠨᠡᠶᠢᠲᠡᠯᠡᠭᠰᠡᠨ ᠴᠠᠭ᠄
2020/9/1
       ᠳᠤᠮᠳᠠᠳᠤ ᠤᠯᠤᠰ ᠤᠨ ᠠᠰ ᠤᠮᠠᠷᠠᠲᠤ ᠣᠷᠣᠨ ᠳᠤ ᠨᠢᠭᠡ ᠬᠤᠲᠠ ᠪᠠᠶᠢᠳᠠᠭ᠃  ᠲᠡᠭᠦᠨ ᠢ ᠲᠣᠮᠣ ᠭᠡᠵᠦ ᠬᠡᠯᠡᠪᠡᠯ ᠂ ᠬᠡᠳᠦᠨ ᠠᠯᠬᠤᠮ ᠠᠯᠬᠤᠪᠠᠯ ᠲᠠᠨᠢᠯ ᠬᠥᠮᠦᠨ ᠲᠠᠢ ᠤᠴᠠᠷᠠᠨ᠎ᠠ᠃ ᠲᠡᠭᠦᠨ ᠢ ᠪᠠᠭ᠎ᠠ ᠭᠡᠵᠦ ᠬᠡᠯᠡᠪᠡᠯ᠂ ᠠᠳᠡ ᠪᠣᠯ ᠮᠠᠨ ᠤ ᠤᠯᠤᠰ ᠤᠨ ᠮᠣᠩᠭᠤᠯ ᠤᠯᠤᠰ ᠲᠤ ᠨᠡᠭᠡᠭᠡᠭᠰᠡᠨ ᠬᠠᠮᠤᠭ ᠤᠨ ᠶᠡᠭᠡ ᠪᠣᠭᠤᠮᠲᠠ ᠪᠣᠯᠤᠨ᠎ᠠ᠃ ᠲᠣᠷᠭᠠᠨ ᠵᠠᠮ ᠤᠨ ᠠᠵᠤ ᠠᠬᠤᠶ ᠶᠢᠨ ᠪᠦᠰᠡ ᠪᠠ ᠳᠤᠮᠳᠠᠳᠤ ᠮᠣᠩᠭᠤᠯ ᠣᠷᠣᠰ ᠤᠨ ᠠᠵᠤ ᠠᠬᠤᠶ ᠶᠢᠨ ᠬᠤᠩᠭᠢᠯ ᠳᠡᠭᠡᠷᠡᠬᠢ ᠴᠢᠬᠤᠯᠠ ᠵᠠᠩᠭᠢᠯᠠᠭ᠎ᠠ ᠶᠢᠨ ᠴᠡᠭ ᠪᠣᠯᠬᠤ ᠬᠤᠲᠠ ᠪᠣᠯᠬᠤ ᠪᠥᠭᠡᠳ ᠪᠠᠰᠠ ᠴᠤ ᠲᠥᠷᠥ ᠶᠢᠨ ᠶᠠᠪᠤᠳᠠᠯ ᠤᠨ ᠬᠤᠷᠢᠶ᠎ᠠ ᠠᠴᠠ ᠵᠥᠪᠰᠢᠶᠡᠷᠡᠨ ᠪᠠᠶᠢᠭᠤᠯᠤᠭᠰᠠᠨ ᠤᠯᠤᠰ ᠤᠨ ᠭᠤᠤᠯᠳᠠᠯᠭ᠎ᠠ ᠲᠠᠢ ᠨᠡᠭᠡᠭᠡᠨ ᠬᠥᠭᠵᠢᠭᠦᠯᠵᠦ ᠨᠡᠭᠡᠭᠡᠯᠲᠡ ᠬᠢᠬᠦ ᠲᠤᠷᠰᠢᠯᠲᠠ ᠶᠢᠨ ᠣᠷᠣᠨ ᠪᠣᠯᠤᠨ᠎ᠠ᠃ ᠲᠡᠭᠦᠨ ᠢ ᠡᠷᠢᠶᠡᠨ ᠬᠤᠲᠠ ᠭᠡᠳᠡᠭ  ᠃
              ᠠᠪᠤᠷᠭᠤ ᠬᠦᠷᠪᠡᠯ ᠬᠤᠲᠠ ᠶᠢᠨ ᠡᠭᠦᠳᠡ       ᠲᠡᠭᠦᠨ ᠢ ᠥᠩᠭᠡ ᠢᠯᠭᠠᠷᠠᠮ᠎ᠠ ᠭᠡᠨ᠎ᠡ᠂ ᠬᠠᠮᠤᠭ ᠠᠩᠬ᠎ᠠ ᠠᠳᠡ ᠢᠷᠡᠵᠦ ᠥᠩᠭᠡᠷᠡᠭᠰᠡᠨ ᠬᠥᠮᠦᠨ ᠪᠦᠷ ᠣᠶᠢᠰᠢᠶᠠᠬᠤ ᠦᠭᠡᠢ ᠪᠠᠶᠢᠵᠤ ᠮᠡᠳᠡᠨ᠎ᠡ᠃ ᠴᠢ ᠪᠠᠷᠤᠭ᠄ ︽ᠡᠷᠢᠶᠡᠨ ᠪᠣᠯ ᠭᠠᠵᠠᠷ ᠳᠡᠭᠡᠷ᠎ᠡ ᠡᠪᠡᠰᠦ ᠦᠭᠡᠢ᠂ ᠭᠠᠵᠠᠷ ᠳᠣᠣᠷ᠎ᠠ ᠡᠷᠳᠡᠨᠢ ᠦᠭᠡᠢ︾  ᠬᠡᠵᠦ ᠪᠣᠳᠣᠵᠦ ᠪᠠᠶᠢᠭ᠎ᠠ  ᠃  ᠲᠡᠷᠡ ᠦᠶ᠎ᠡ ᠳᠤ᠂ ︽ᠡᠷᠢᠶᠡᠨ ᠤ ᠰᠠᠯᠬᠢ᠂ ᠵᠢᠯ ᠳᠤ ᠬᠤᠶᠠᠷ ᠤᠳᠠᠭ᠎ᠠ ᠰᠠᠯᠬᠢᠯᠠᠵᠤ᠂ ᠨᠢᠭᠡ ᠤᠳᠠᠭ᠎ᠠ ᠳᠤ ᠬᠠᠭᠠᠰ ᠵᠢᠯ ᠬᠤᠰᠤᠨ᠎ᠠ︾᠃ ᠡᠨᠡ ᠪᠣᠯ ᠵᠥᠪᠬᠡᠨ  ᠦᠩᠬᠡᠷᠡᠭᠰᠡᠨ ᠤ ᠪᠠᠶᠢᠳᠠᠯ ᠪᠣᠯᠣᠨ᠎ᠠ᠃ ᠤᠳᠤ  ᠬᠠᠷᠢᠨ ᠡᠷᠡᠰ ᠣᠨᠳᠣᠣ ᠪᠣᠯᠣᠭᠰᠠᠨ ᠪᠠᠶᠢᠨ᠎ᠠ᠃
            ᠡᠷᠢᠶᠡᠨ ᠤ ᠵᠡᠭᠡᠯᠢ ᠶᠢᠨ ᠦᠵᠡᠮᠵᠢ       ᠣᠳᠣ ᠶᠢᠨ ᠡᠷᠢᠶᠡᠨ ᠬᠤᠲᠠ ᠭᠠᠵᠠᠷ ᠪᠣᠯᠭᠠᠨ ᠳᠤ ᠴᠡᠴᠡᠭ ᠤᠨ ᠦᠨᠦᠷ ᠦᠨᠦᠷᠲᠦᠵᠦ᠂ ᠰᠢᠪᠠᠭᠤᠨ ᠤ ᠵᠢᠷᠭᠢᠬᠦ ᠶᠢ  ᠰᠣᠨᠣᠰᠴᠦ ᠪᠠᠶᠢᠨ᠎ᠠ᠃ ᠶᠡᠭᠡ ᠵᠡᠭᠡᠯᠢ ᠪᠠᠭ᠎ᠠ ᠭᠤᠳᠤᠮᠵᠢ ᠪᠠᠷ ᠶᠠᠪᠤᠵᠤ᠂ ᠮᠣᠳᠣ ᠤᠷᠭᠤᠵᠤ᠂ ᠵᠠᠮ ᠤᠨ ᠬᠤᠶᠠᠷ ᠲᠠᠯ᠎ᠠ ᠳᠤ ᠰᠡᠬᠦ᠋ᠢᠨ ᠰᠦᠨᠳᠡᠷᠯᠡᠵᠦ᠂ ᠶᠠᠭ ᠯᠠ ᠤᠮᠠᠷᠠᠲᠤ ᠬᠢᠯᠢ ᠶᠢᠨ ᠪᠠᠲᠤ ᠴᠢᠩᠭ᠎ᠠ  ᠪᠠᠶᠢᠯᠳᠣᠭᠴᠢ ᠮᠡᠲᠦ᠂ ᠡᠨᠡ ᠬᠡᠰᠡᠭ ᠬᠠᠯᠠᠭᠤᠨ ᠬᠥᠷᠥᠰᠥ ᠶᠢ ᠰᠠᠬᠢᠨ ᠬᠠᠮᠠᠭᠠᠯᠠᠵᠤ  ᠪᠠᠶᠢᠨ᠎ᠠ᠃ ︽ᠲᠩᠷᠢ ᠴᠡᠯᠮᠡᠭ ᠭᠠᠵᠠᠷ ᠴᠡᠯᠮᠡᠭ᠂ ᠬᠥᠮᠦᠨ ᠠᠵᠢᠯᠴᠢ ᠱᠠᠯᠠᠮᠠᠭᠠᠢ ᠪᠠᠶᠢᠳᠠᠭ︾᠂ ᠬᠥᠮᠦᠰ ᠤᠳᠤ ᠶᠢᠨ ᠡᠷᠢᠶᠡᠨ ᠬᠤᠳᠠ ᠶᠢ ᠢᠩᠭᠢᠵᠦ ᠳᠦᠷᠰᠦᠯᠡᠳᠡᠭ᠃ ᠡᠨᠡ ᠦᠭᠡ ᠨᠢ ᠡᠷᠢᠶᠡᠨ ᠬᠤᠲᠠ ᠶᠢᠨ ᠪᠠᠶᠢᠭᠠᠯᠢ ᠪᠣᠯᠤᠨ ᠬᠥᠮᠦᠨ ᠰᠣᠶᠣᠯ ᠤᠨ ᠥᠩᠭᠡ ᠲᠥᠷᠬᠦ ᠶᠢᠨ ᠣᠨᠴᠠᠯᠢᠭ ᠢ  ᠦᠨᠡᠬᠡᠷ ᠶᠠᠷᠢᠭᠰᠠᠨ ᠪᠠᠶᠢᠨ᠎ᠠ᠃ ᠬᠡᠷᠪᠡ ︽ᠬᠦᠬᠡ ᠲᠩᠷᠢ︾ ᠶᠢ ᠳᠡᠭᠡᠳᠦ ᠲᠩᠷᠢ ᠶᠢᠨ ᠰᠣᠶᠣᠷᠬᠠᠭᠰᠠᠨ ᠭᠡᠵᠦ ᠬᠡᠯᠡᠬᠦ ᠳᠤ ᠬᠦᠷᠪᠡᠯ᠂ ︽ᠭᠠᠵᠠᠷ  ᠨᠣᠭᠤᠭᠠᠨ ᠪᠠᠶᠢᠬᠤ︾ ᠨᠢ ᠬᠢᠯᠢ ᠬᠢᠵᠠᠭᠠᠷ ᠣᠷᠣᠨ ᠢ ᠰᠠᠬᠢᠨ ᠬᠠᠮᠠᠭᠠᠯᠠᠵᠤ ᠪᠠᠶᠢᠭ᠎ᠠ ᠬᠥᠮᠦᠰ ᠤᠨ ᠪᠠᠶᠢᠭᠠᠯᠢ ᠶᠢᠨ ᠮᠠᠭᠤ ᠣᠷᠴᠢᠨ ᠲᠣᠭᠤᠷᠢᠨ ᠲᠠᠢ ᠤᠷᠳᠤ ᠬᠤᠭᠤᠴᠠᠭ᠎ᠠ ᠪᠠᠷ ᠳᠡᠮᠡᠴᠡᠭᠡᠭᠰᠡᠨ ᠪᠦᠲᠦᠭᠡᠯ ᠪᠣᠯᠤᠨ᠎ᠠ᠃     
                     ᠡᠷᠢᠶᠡᠨ ᠠᠪᠤᠷᠭᠤ ᠭᠦᠷᠪᠡᠯ ᠤᠨ ᠮᠦᠽᠧᠶ       ︽ᠥᠩᠭᠡᠷᠡᠭᠰᠡᠨ ᠳᠤ ᠨᠣᠭᠤᠭᠠᠷᠠᠭᠤᠯᠤᠯᠲᠠ ᠳᠤ ᠲᠥᠯᠥᠪᠵᠢᠭᠦᠯᠭᠡ ᠳᠤᠲᠠᠮᠠᠭ᠂ ᠬᠡᠪᠴᠢᠶ᠎ᠡ ᠦᠭᠡᠢ᠂ ᠲᠡᠰ ᠳᠡᠪᠰᠢᠭᠦᠯᠬᠦ ᠦᠬᠡᠢ᠃ ︽ᠤᠤᠯ ᠨᠢ ᠬᠠᠮᠢᠭ᠎ᠠ ᠪᠠᠶᠢᠭᠰᠠᠨ ᠡᠶᠢᠮᠦ ᠤᠯᠠᠨ ᠮᠣᠳᠣ ᠪᠤᠢ︕︾  ︽ᠰᠠᠯᠬᠢ ᠢᠯᠡᠳᠲᠡ ᠪᠠᠭᠠᠰᠴᠤ᠂ ᠡᠯᠡᠰᠦ ᠴᠦ  ᠬᠡᠶᠢᠰᠬᠦ ᠥᠬᠡᠶ ᠪᠣᠯᠵᠠᠶ︕ ᠲᠡᠷᠡ ᠮᠥᠷᠲᠡᠭᠡᠨ ᠡᠨᠡ ᠵᠢᠯ ᠤᠨ ᠪᠣᠷᠣᠭᠠᠨ ᠤ ᠤᠰᠤ ᠪᠠᠰᠠ ᠥᠩᠭᠡᠷᠡᠭᠰᠡᠨ ᠵᠢᠯ ᠠᠴᠠ ᠪᠠᠨ ᠠᠷᠪᠢᠨ ᠪᠠᠶᠢᠵᠤ᠂ ᠲᠠᠯ᠎ᠠ ᠨᠤᠲᠤᠭ ᠪᠠᠰᠠ ᠨᠣᠭᠤᠭᠠᠨ ᠥᠩᠭᠡ ᠲᠠᠢ ᠪᠣᠯᠵᠠᠢ︕︾ ᠭᠡᠵᠦ ᠣᠯᠢᠮᠫᠢᠺ ᠤᠨ ᠭᠤᠤᠯ ᠰᠡᠳᠦᠪᠲᠦ ᠴᠡᠴᠡᠷᠯᠢᠭ ᠢᠶᠠᠷ ᠳᠠᠮᠢᠷ ᠬᠢᠵᠦ ᠪᠠᠶᠢᠭ᠎ᠠ ᠬᠦᠮᠦᠨ ᠶᠠᠷᠢᠨ᠎ᠠ᠃     
    ᠥᠷᠯᠥᠭᠡ ᠶᠢᠨ ᠮᠠᠨᠠᠨ ᠤ ᠳᠣᠲᠣᠷᠠᠬᠢ ᠣᠷᠴᠢᠨ ᠲᠣᠭᠤᠷᠢᠨ ᠤ ᠠᠷᠢᠭᠤᠨ ᠴᠡᠪᠡᠷ ᠤᠨ ᠠᠵᠢᠯᠴᠢᠨ᠃      ᠣᠳᠣᠬᠠᠨ ᠳᠤ ᠮᠠᠨ ᠤ ᠬᠤᠲᠠ ᠶᠠᠭ ︽ᠭᠤᠷᠪᠠᠨ ᠬᠤᠲᠠ ᠨᠢᠭᠡ ᠭᠠᠷᠠᠮ︾ ᠢ ᠡᠭᠦᠳᠦᠨ ᠪᠠᠶᠢᠭᠤᠯᠵᠤ ᠪᠠᠶᠢᠨ᠎ᠠ᠂ ᠡᠨᠡ ᠬᠦ ᠠᠷᠢᠭᠤᠨ ᠴᠡᠪᠡᠷ ᠬᠤᠲᠠ ᠶᠢ ᠨᠠᠩ ᠦᠵᠡᠰᠬᠦᠯᠡᠩᠲᠦ ᠰᠠᠶᠢᠬᠠᠨ ᠪᠣᠯᠭᠠᠵᠤ᠂ ᠠᠷᠠᠳ ᠲᠦᠮᠡᠨ ᠤ ᠵᠣᠯ ᠵᠢᠷᠭᠠᠯ ᠤᠨ ᠵᠢᠭᠠᠯᠲᠠ ᠲᠤᠭ᠎ᠠ ᠲᠠᠰᠤᠷᠠᠯᠲᠠ ᠦᠭᠡᠢ ᠳᠡᠭᠡᠭᠰᠢᠯᠡᠪᠡ᠃ ᠬᠡᠷᠪᠡ ᠴᠢ ᠢᠲᠡᠭᠡᠬᠦ ᠦᠭᠡᠢ ᠪᠣᠯ ᠥᠷᠯᠥᠭᠡ ᠡᠷᠲᠡ ᠶᠢᠨ ᠪᠣᠯᠪᠠᠰᠤᠷᠠᠯ ᠬᠢᠵᠦ ᠪᠠᠶᠢᠭ᠎ᠠ ᠬᠥᠮᠦᠰ ᠢ ᠦᠵᠡᠭᠡᠷᠡᠶ᠃ ᠣᠷᠣᠢ ᠵᠡᠭᠡᠯᠢ ᠶᠢᠨ ᠥᠨᠴᠥᠭ ᠲᠤ ᠪᠢᠴᠢᠬᠠᠨ ᠴᠡᠴᠡᠷᠯᠢᠭ ᠤᠨ ᠲᠠᠯᠠᠪᠠᠢ ᠳᠤ ᠪᠥᠵᠢᠭᠯᠡᠳᠡᠭ ᠠᠨᠢᠶ᠎ᠠ ᠨᠠᠷ᠂ ᠲᠡᠷᠡ ᠬᠦ ᠢᠨᠢᠶᠡᠮᠰᠦᠭᠯᠡᠭᠰᠡᠨ ᠴᠢᠷᠠᠶ ᠪᠣᠯᠤᠨ ᠬᠥᠩᠭᠡᠨ ᠠᠯᠬᠤᠭ᠎ᠠ ᠴᠢᠮ᠎ᠠ ᠳᠤ ᠠᠯᠢᠪᠠ ᠶᠢ ᠬᠡᠯᠡᠵᠦ ᠥᠭᠭᠦᠨ᠎ᠡ᠃     
             ᠣᠯᠢᠮᠫᠢᠺ ᠤᠨ ᠴᠡᠴᠡᠷᠯᠢᠭ᠃         ᠦᠵᠡᠬᠦ ᠳᠤ ᠨᠢᠭᠡᠨ ᠵᠢᠵᠢᠭ ᠬᠤᠲᠠ  ᠪᠠᠶᠢᠨ᠎ᠠ᠂ ᠲᠤᠮᠤ ᠬᠤᠳᠠ ᠶᠢᠨ ᠰᠣᠯᠣᠩᠭ᠎ᠠ ᠰᠠᠴᠤᠷᠠᠵᠤ᠂ ᠲᠡᠷᠭᠡ ᠤᠨᠤᠭ᠎ᠠ ᠵᠥᠷᠢᠯᠳᠦᠬᠦ ᠦᠬᠡᠢ ᠪᠣᠯᠪᠠᠴᠤ ᠪᠦᠬᠦ  ᠣᠯᠣᠰ  ᠤᠨ ᠠᠮᠢ ᠠᠬᠤᠢ ᠶᠢᠨ ᠪᠣᠯᠪᠠᠰᠤᠨ ᠤ ᠲᠡᠷᠢᠭᠦᠨ ᠤ ᠬᠤᠳᠠ᠂ ᠪᠦᠬᠦ ᠤᠯᠤᠰ ᠤᠨ ᠬᠤᠶᠠᠷ ᠢ ᠬᠦᠷᠢᠶᠡᠯᠡᠭᠰᠡᠨ ᠵᠢᠱᠢᠶᠡᠴᠢ ᠬᠤᠳᠠ᠂ ᠳᠤᠮᠳᠠᠳᠤ ᠤᠯᠤᠰ ᠤᠨ ᠠᠷᠪᠠᠨ ᠰᠠᠶᠢᠨ ᠪᠣᠬᠢᠷᠲᠤᠯ ᠦᠬᠡᠢ ᠬᠤᠳᠠ᠂ ᠳᠤᠮᠳᠠᠳᠤ ᠤᠯᠤᠰ ᠤᠨ ᠣᠷᠣᠰᠢᠨ  ᠰᠠᠭᠤᠬᠤ ᠣᠷᠴᠢᠨ ᠲᠣᠭᠤᠷᠢᠨ ᠢ ᠬᠠᠮᠲᠤ ᠪᠠᠷ ᠪᠦᠳᠦᠬᠡᠨ ᠪᠠᠶᠢᠭᠤᠯᠤᠭᠰᠠᠨ ᠵᠢᠱᠢᠶ᠎ᠡ ᠦᠵᠡᠭᠦᠯᠬᠦ ᠬᠤᠳᠠ᠂ ᠥᠪᠡᠷᠲᠡᠭᠡᠨ ᠵᠠᠰᠠᠬᠤ ᠣᠷᠣᠨ ᠤ ᠡᠷᠡᠭᠦᠯ ᠬᠠᠮᠠᠭᠠᠯᠠᠯ ᠤᠨ ᠬᠤᠳᠠ᠂ ᠥᠪᠡᠷᠲᠡᠭᠡᠨ ᠵᠠᠰᠠᠬᠤ ᠣᠷᠣᠨ ᠤ ᠪᠣᠯᠪᠠᠰᠤᠨ ᠬᠤᠳᠠ᠂ ᠥᠪᠡᠷᠲᠡᠭᠡᠨ ᠵᠠᠰᠠᠬᠤ ᠣᠷᠣᠨ ᠤ ᠴᠡᠴᠡᠷᠯᠢᠭᠵᠢᠭᠰᠡᠨ ᠬᠤᠳᠠ ᠶᠢᠨ ᠢᠷᠠᠭᠤ ᠠᠯᠳᠠᠷ ᠢᠶᠠᠷ ᠪᠢᠯᠬᠠᠨ᠎ᠠ᠃ ᠡᠷᠢᠶᠡᠨ ᠤ ᠬᠥᠮᠦᠰ ᠤᠨ ᠬᠠᠮᠲᠤ ᠶᠢᠨ ᠴᠢᠷᠮᠠᠶᠢᠯᠭ᠎ᠠ ᠪᠠᠷ ︽ᠭᠤᠷᠪᠠᠨ ᠬᠤᠲᠠ ᠨᠢᠭᠡ ᠭᠠᠷᠠᠮ︾ ᠢ ᠯᠠᠪᠲᠠᠶ ᠠᠮᠵᠢᠯᠳᠠᠳᠠᠢ ᠡᠭᠦᠳᠦᠨ ᠪᠠᠶᠢᠭᠤᠯᠵᠤ᠂ ᠡᠷᠢᠶᠡᠨ ᠤ ᠠᠷᠠᠳ ᠲᠦᠮᠡᠨ ᠤ ᠵᠣᠯ ᠵᠢᠷᠭᠠᠯ ᠤᠨ ᠵᠢᠭᠠᠯᠲᠠ ᠲᠤᠭ᠎ᠠ ᠡᠳᠦᠷ ᠢᠷᠡᠬᠦᠶ᠎ᠡ ᠨᠡᠮᠡᠭᠳᠡᠬᠦ ᠨᠢ ᠯᠠᠪᠲᠠᠢ᠃     
                ᠬᠤᠨᠳᠦ ᠨᠠᠭᠤᠷ
 
ᠢᠷᠡᠯᠲᠡ᠄ ᠡᠷᠢᠶᠡᠨ ᠬᠤᠳᠠ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号