39 ᠡᠳᠦᠷ ᠤᠨ ᠳᠠᠷᠠᠭ᠎ᠠ ᠰᠠᠶᠢᠬᠤᠰᠦ ᠨᠢᠰᠬᠡᠯ ᠤᠨ ᠪᠠᠭᠤᠳᠠᠯ ᠨᠢ ᠤᠯᠤᠰ ᠤᠨ ᠳᠣᠲᠣᠭᠠᠳᠤ ᠶᠢᠨ ᠠᠶᠠᠨᠴᠢᠳ ᠤᠨ ᠠᠶᠠᠯᠠᠯ ᠤᠨ ᠱᠤᠭᠤᠮ ᠢᠶᠠᠨ ᠰᠡᠷᠭᠦᠭᠡᠪᠡ
ᠨᠡᠶᠢᠲᠡᠯᠡᠭᠰᠡᠨ ᠴᠠᠭ᠄
2021/11/23
       11 ᠰᠠᠷ᠎ᠠ ᠶᠢᠨ 22 ᠤᠨ ᠡᠳᠦᠷ᠂ ᠡᠷᠢᠶᠡᠨ ᠬᠤᠲᠠ — ᠰᠢᠯᠢᠩᠬᠤᠲᠠ ᠶᠢᠨ G11811 ᠡᠭᠡᠯᠵᠢ ᠶᠢᠨ ᠨᠢᠰᠬᠡᠯ ᠤᠨ ᠤᠷᠤᠭᠰᠢᠲᠠᠶ ᠨᠢᠰᠬᠦ ᠶᠢ ᠳᠠᠭᠠᠯᠳᠤᠨ᠂ ᠡᠷᠢᠶᠡᠨ ᠬᠤᠲᠠ ᠶᠢᠨ ᠰᠠᠶᠢᠬᠤᠰᠦ ᠨᠢᠰᠬᠡᠯ ᠤᠨ ᠪᠠᠭᠤᠳᠠᠯ ᠵᠢᠩᠬᠢᠨᠢ ᠪᠠᠷ ᠠᠵᠢᠯ ᠢᠶᠠᠨ ᠰᠡᠷᠭᠦᠭᠡᠪᠡ᠃
   ᠲᠤᠬᠠᠶ ᠶᠢᠨ ᠡᠳᠦᠷ᠂ ᠨᠢᠰᠬᠡᠯ ᠤᠨ ᠪᠠᠭᠤᠳᠠᠯ ᠳᠤ ᠢᠷᠡᠭᠰᠡᠨ ᠠᠶᠠᠨᠴᠢᠳ ᠤᠬᠠᠮᠰᠠᠷ ᠠᠴᠠ ᠪᠠᠨ ᠨᠢᠭᠡ ᠮᠧᠲᠷ  ᠤᠨ ᠵᠠᠢ ᠪᠠᠨ ᠪᠠᠷᠢᠬᠤ᠂ ᠠᠮᠠᠪᠴᠢ ᠵᠡᠭᠦᠬᠦ ᠵᠡᠷᠭᠡ ᠬᠢᠵᠢᠭ ᠢ ᠰᠡᠷᠭᠡᠶᠢᠯᠡᠬᠦ ᠠᠷᠭ᠎ᠠ ᠬᠡᠮᠵᠢᠶ᠎ᠡ ᠶᠢ ᠵᠢᠷᠤᠮᠯᠠᠨ ᠰᠠᠬᠢᠵᠤ᠂ ᠨᠢᠰᠬᠡᠯ ᠤᠨ ᠪᠠᠭᠤᠳᠠᠯ ᠤᠨ ᠠᠵᠢᠯᠲᠠᠨ ᠤ ᠵᠢᠯᠣᠭᠤᠳᠣᠯᠭ᠎ᠠ ᠳᠣᠤᠷ᠎ᠠ᠂ ᠳᠡᠯᠪᠡᠷᠡᠯᠲᠡ ᠶᠢ ᠰᠡᠷᠭᠡᠶᠢᠯᠡᠬᠦ ᠪᠠᠶᠢᠴᠠᠭᠠᠯᠲᠠ ᠶᠢ ᠬᠦᠯᠢᠶᠡᠵᠦ᠂ ᠡᠷᠡᠭᠦᠯ ᠮᠡᠨᠳᠦ ᠶᠢᠨ ᠺᠣᠳ᠋ ᠢᠶᠠᠨ ᠭᠠᠷᠭᠠᠨ ᠦᠵᠡᠭᠦᠯᠵᠦ᠂ ᠪᠡᠶ᠎ᠡ ᠶᠢᠨ ᠳᠤᠯᠠᠭᠠᠨ ᠢᠶᠠᠨ ᠪᠠᠶᠢᠴᠠᠭᠠᠯᠭᠠᠨ᠂ ᠮᠡᠳᠡᠭᠡ ᠵᠠᠩᠭᠢ ᠪᠠᠨ ᠲᠡᠮᠳᠡᠭᠯᠡᠭᠰᠡᠨ ᠤ ᠳᠠᠷᠠᠭ᠎ᠠ ᠨᠢᠰᠬᠡᠯ ᠬᠦᠯᠢᠶᠡᠬᠦ ᠲᠢᠩᠬᠢᠮ ᠳᠤ ᠣᠷᠣᠨ᠎ᠠ᠃ ᠬᠢᠵᠢᠭ ᠤᠨ ᠪᠠᠶᠢᠳᠠᠯ ᠢ ᠰᠡᠷᠭᠡᠶᠢᠯᠡᠨ ᠬᠢᠵᠠᠭᠠᠷᠯᠠᠬᠤ ᠶᠢ ᠣᠯᠠᠨ ᠳᠤ ᠰᠠᠨᠠᠭᠤᠯᠬᠤ ᠶᠢᠨ ᠳᠣᠱᠠᠳᠠ᠂ ᠨᠢᠰᠬᠡᠯ ᠤᠨ ᠪᠠᠭᠤᠳᠠᠯ ᠤᠨ ᠠᠵᠢᠯᠲᠠᠨ ᠨᠢᠭᠡᠪᠦᠷᠢ ᠳᠤ ᠴᠥᠮ ︽ᠰᠢᠨ᠎ᠡ ᠸᠠᠺᠼᠢᠨ ᠤ ᠲᠠᠷᠢᠯᠭ᠎ᠠ ᠬᠢᠭᠰᠡᠨ ᠬᠡᠷᠡᠴᠢ︾ ᠵᠢᠴᠢ ︽ᠠᠷᠢᠭᠤᠨ ᠴᠡᠪᠡᠷ  ᠤᠨ ᠳᠡᠮᠳᠡᠭ︾  ᠵᠡᠭᠦᠵᠦ᠂ ᠨᠢᠰᠬᠡᠯ ᠳᠤ ᠰᠠᠭᠤᠭᠰᠠᠨ ᠠᠶᠠᠨᠴᠢᠳ ᠲᠤ ᠠᠮᠤᠷ ᠲᠦᠪᠰᠢᠨ ᠪᠥᠭᠡᠳ ᠨᠠᠶᠢᠳᠠᠪᠤᠷᠢᠲᠠᠶ ᠨᠢᠰᠬᠡᠯ ᠤᠨ ᠪᠠᠭᠤᠳᠠᠯ ᠤᠨ ᠣᠷᠴᠢᠨ ᠨᠥᠬᠦᠴᠡᠯ ᠢ ᠳᠡᠯᠭᠡᠨ  ᠦᠵᠡᠬᠦᠯᠦᠨ᠎ᠡ᠃
    ᠨᠢᠰᠬᠡᠯ ᠤᠨ ᠪᠠᠭᠤᠳᠠᠯ ᠳᠤ ᠣᠷᠣᠬᠤ ᠳᠤ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠢᠵᠢ ᠪᠦᠷᠢᠨ ᠠᠷᠭ᠎ᠠ ᠬᠡᠮᠵᠢᠶ᠎ᠡ ᠶᠢ ᠬᠡᠷᠡᠭᠵᠢᠭᠦᠯᠬᠦ ᠠᠴᠠ ᠭᠠᠳᠠᠨ᠎ᠠ᠂ ᠠᠶᠠᠨᠴᠢᠳ 48 ᠴᠠᠭ ᠤᠨ ᠳᠣᠲᠣᠷᠠᠬᠢ ᠪᠥᠭᠡᠮ ᠬᠦᠴᠢᠯ ᠤᠨ ᠪᠠᠶᠢᠴᠠᠭᠠᠨ ᠬᠡᠮᠵᠢᠯᠲᠡ ᠶᠢᠨ ᠪᠢᠯᠢᠭ ᠴᠢᠨᠠᠷ ᠤᠨ ᠭᠡᠷᠡᠴᠢ ᠪᠠᠨ ᠭᠠᠷᠭᠠᠵᠤ ᠦᠵᠡᠭᠦᠯᠬᠦ ᠬᠡᠷᠡᠭᠲᠡᠶ᠃ ᠡᠭᠦᠨ ᠤ ᠬᠠᠮᠲᠤ᠂ ᠨᠢᠰᠬᠡᠯ ᠤᠨ ᠪᠠᠭᠤᠳᠠᠯ ᠤᠨ ᠵᠢᠵᠢᠭᠦᠷ ᠤᠨ ᠳᠠᠰᠤᠭ᠂ ᠠᠮᠤᠷ ᠲᠦᠪᠰᠢᠨ ᠤ ᠪᠠᠶᠢᠴᠠᠭᠠᠯᠲᠠ ᠶᠢᠨ ᠴᠣᠩᠬᠤ᠂ ᠠᠰᠠᠭᠤᠨ ᠯᠠᠪᠯᠠᠬᠤ ᠦᠢᠯᠡᠴᠢᠯᠡᠭᠡᠨ ᠤ ᠲᠠᠪᠴᠠᠩ ᠵᠡᠷᠭᠡ ᠭᠠᠵᠠᠷ ᠲᠤ ᠴᠥᠮ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠲᠠᠰᠤᠯᠪᠤᠷᠢ ᠭᠠᠷᠭᠠᠵᠤ᠂ ᠰᠣᠯᠢᠯᠴᠠᠭᠠᠨ ᠤ ᠳᠣᠮᠳᠠᠬᠢ ᠬᠠᠯᠳᠠᠪᠣᠷᠢᠯᠠᠯ ᠢ ᠪᠦᠷᠢᠮᠦᠰᠦᠨ ᠰᠡᠷᠬᠡᠶᠢᠯᠡᠨ ᠬᠤᠷᠢᠭᠯᠠᠪᠠ᠃ ︽ᠦᠨᠡᠮᠯᠡᠯ ᠤᠨ ᠲᠤᠰᠬᠠᠶ ᠠᠷᠢᠭᠤᠳᠬᠠᠬᠤ ᠬᠠᠶᠢᠷᠴᠠᠭ︾ ᠨᠢ ᠨᠢᠰᠬᠡᠯ ᠳᠤ ᠰᠠᠭᠤᠬᠤ ᠠᠶᠠᠨᠴᠢᠳ ᠤᠨ ᠪᠡᠶ᠎ᠡ ᠶᠢᠨ ᠦᠨᠡᠮᠯᠡᠯ ᠢᠶᠠᠨ ᠠᠷᠢᠭᠤᠳᠬᠠᠬᠤ ᠳᠤ ᠲᠥᠬᠦᠮ ᠦᠵᠡᠭᠦᠯᠦᠨ᠎ᠡ᠃ ᠡᠭᠦᠨ ᠤ ᠬᠠᠮᠲᠤ᠂ ᠠᠮᠤᠷ ᠲᠦᠪᠰᠢᠨ ᠤ ᠪᠠᠶᠢᠴᠠᠭᠠᠯᠲᠠ ᠶᠢᠨ ᠨᠡᠪᠲᠡᠷᠡᠬᠦ ᠵᠠᠮ ᠳᠤ ︽ᠨᠢᠭᠡ ᠬᠥᠮᠦᠨ ᠨᠢᠭᠡ ᠪᠠᠶᠢᠴᠠᠭᠠᠵᠤ ᠨᠢᠭᠡ ᠠᠷᠢᠭᠤᠳᠬᠠᠬᠤ︾ ᠠᠮᠤᠷ ᠲᠦᠪᠰᠢᠨ ᠤ ᠪᠠᠶᠢᠴᠠᠭᠠᠯᠲᠠ ᠶᠢᠨ ᠲᠦᠷᠢᠮ ᠢ ᠬᠡᠷᠡᠭᠵᠢᠭᠦᠯᠵᠦ᠂ ᠠᠮᠤᠷ ᠲᠦᠪᠰᠢᠨ ᠤ ᠪᠠᠶᠢᠴᠠᠭᠠᠯᠲᠠ ᠶᠢᠨ ᠲᠠᠯᠠᠪᠤᠷ ᠵᠢᠴᠢ ᠭᠠᠷ ᠲᠠᠭᠠᠨ ᠪᠠᠷᠢᠭᠰᠠᠨ ᠲᠡᠮᠦᠷᠯᠢᠭ ᠰᠢᠯᠭᠠᠨ ᠪᠠᠶᠢᠴᠠᠭᠠᠬᠤ ᠬᠡᠮᠵᠢᠭᠦᠷᠯᠢᠭ ᠢ ᠬᠠᠮᠤᠭ ᠤᠨ ᠲᠡᠷᠢᠭᠦᠨ ᠳᠤ ᠠᠷᠢᠭᠤᠳᠬᠠᠬᠤ ᠶᠢᠨ ᠬᠠᠮᠲᠤ ᠨᠢᠰᠬᠡᠯ ᠬᠦᠯᠢᠶᠡᠬᠦ ᠲᠢᠩᠬᠢᠮ ᠳᠤ ᠲᠦᠷ ᠴᠠᠭ ᠤᠨ ᠬᠠᠯᠠᠭᠤᠷᠠᠯ ᠤᠨ ᠲᠤᠰᠠᠭᠠᠷᠯᠠᠬᠤ ᠲᠠᠰᠤᠭ ᠭᠠᠷᠭᠠᠵᠤ᠂ ᠠᠶᠠᠨᠴᠢᠳ ᠤᠨ ᠨᠢᠰᠬᠡᠯ ᠳᠤ ᠰᠠᠭᠤᠬᠤ ᠳᠤ ᠠᠮᠤᠷ ᠲᠦᠪᠰᠢᠨ ᠪᠥᠭᠡᠳ ᠰᠠᠨᠠᠭ᠎ᠠ ᠠᠮᠤᠷ ᠪᠠᠶᠢᠬᠤ ᠶᠢ ᠪᠥᠬᠦ ᠲᠠᠯ᠎ᠠ ᠪᠠᠷ ᠪᠠᠳᠣᠯᠠᠪᠠ᠃
    ᠣᠶᠢᠯᠠᠭᠠᠭᠰᠠᠨ ᠢᠶᠠᠷ᠂ ᠣᠳᠣᠬᠠᠨ ᠳᠤ ᠡᠷᠢᠶᠡᠨ ᠬᠤᠲᠠ ᠶᠢᠨ ᠰᠠᠶᠢᠬᠤᠰᠦ ᠨᠢᠰᠬᠡᠯ ᠤᠨ ᠪᠠᠭᠤᠳᠠᠯ ᠨᠢᠭᠡᠨᠲᠡ ᠬᠥᠬᠡᠬᠤᠲᠠ᠂ ᠲᠦᠩᠯᠢᠶᠣᠤ᠂ ᠤᠯᠠᠭᠠᠨᠬᠠᠳᠠ᠂ ᠰᠢᠯᠢᠩᠬᠤᠲᠠ ᠶᠢᠨ ᠳᠥᠷᠪᠡᠨ ᠠᠭᠠᠷ ᠤᠨ ᠠᠶᠠᠯᠠᠯ ᠤᠨ ᠱᠤᠭᠤᠮ ᠤᠨ ᠡᠭᠡᠯᠵᠢ ᠶᠢᠨ ᠨᠢᠰᠬᠡᠯ ᠢᠶᠠᠨ ᠰᠡᠷᠭᠦᠭᠡᠵᠦ᠂ ᠪᠤᠰᠤᠳ ᠠᠭᠠᠷ ᠤᠨ ᠠᠶᠠᠯᠠᠯ ᠤᠨ ᠱᠤᠭᠤᠮ ᠢ ᠴᠤ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠪᠠᠶᠢᠳᠠᠯ ᠢ ᠦᠨᠳᠦᠰᠦᠯᠡᠨ ᠵᠠᠯᠭᠠᠭ᠎ᠠ ᠪᠠᠷ ᠰᠡᠷᠭᠦᠭᠡᠬᠦ ᠪᠠᠷ ᠪᠠᠶᠢᠨ᠎ᠠ᠃  
 
ᠢᠷᠡᠯᠲᠡ᠄ ᠡᠷᠢᠶᠡᠨ ᠬᠤᠳᠠ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号