292 ᠲᠦᠮᠡᠨ ᠲᠦᠭᠦᠷᠢᠭ ᠤᠨ ᠭᠦᠢᠴᠡᠳᠭᠡᠬᠦ ᠵᠤᠭᠤᠰ ᠢ ᠭᠦᠢᠴᠡᠳᠭᠡᠨ ᠪᠤᠳᠠᠲᠠᠶᠢᠵᠢᠭᠤᠯᠵᠤ  ᠭᠤᠶᠤᠴᠢᠯᠠᠭᠴᠢ ᠠᠬᠤᠢ ᠲᠠᠯᠠᠪᠠᠢ ᠳᠤ ᠲᠤᠰᠤᠨ ᠠᠪᠤᠭᠰᠠᠨ
ᠨᠡᠶᠢᠲᠡᠯᠡᠭᠰᠡᠨ ᠴᠠᠭ᠄
2021/12/16
ᠭᠠᠷᠴᠠᠭ᠄292 ᠲᠦᠮᠡᠨ ᠲᠦᠭᠦᠷᠢᠭ ᠤᠨ ᠭᠦᠢᠴᠡᠳᠭᠡᠬᠦ ᠵᠤᠭᠤᠰ ᠢ ᠭᠦᠢᠴᠡᠳᠭᠡᠨ ᠪᠤᠳᠠᠲᠠᠶᠢᠵᠢᠭᠤᠯᠵᠤ  ᠭᠤᠶᠤᠴᠢᠯᠠᠭᠴᠢ ᠠᠬᠤᠢ ᠲᠠᠯᠠᠪᠠᠢ ᠳᠤ ᠲᠤᠰᠤᠨ ᠠᠪᠤᠭᠰᠠᠨᠤᠷᠴᠢᠭᠤᠯᠤᠭᠴᠢ᠄ ᠰᠤᠯᠤᠩᠭᠤᠸ᠎ᠡ   ᠤᠳᠤᠷᠢᠳᠬᠠᠯ᠄    12 ᠰᠠᠷ᠎ᠠ ᠶᠢᠨ 10 ᠤ ᠡᠳᠦᠷ᠂ ᠬᠤᠲᠠ ᠶᠢᠨ ᠠᠷᠠᠳ ᠤᠨ ᠰᠢᠭᠦᠬᠦ ᠬᠤᠷᠢᠶ᠎ᠠ ᠭᠦᠢᠴᠡᠳᠭᠡᠭᠰᠡᠨ ᠬᠡᠷᠡᠭ ᠤᠨ ᠵᠣᠭᠤᠰ ᠢ ᠲᠠᠷᠬᠠᠭᠠᠬᠤ ᠶᠣᠰᠣᠯᠠᠯ ᠶᠠᠪᠤᠭᠤᠯᠵᠤ᠂ ᠨᠢᠭᠡ ᠭᠤᠶᠤᠴᠢᠯᠠᠭᠴᠢ ᠲᠤᠬᠠᠶ ᠶᠢᠨ ᠲᠠᠯᠠᠪᠤᠷ ᠲᠤ ᠣᠶᠢᠷ᠎ᠠ ᠶᠢᠨ ᠬᠤᠭᠤᠴᠠᠭᠠᠨ ᠳᠤ ᠭᠦᠢᠴᠡᠳᠬᠡᠨ ᠪᠣᠳᠠᠲᠠᠶᠢᠵᠢᠭᠤᠯᠤᠭᠰᠠᠨ ᠠᠷᠠᠳ ᠤᠨ ᠠᠮᠢᠳᠤᠷᠠᠯ ᠳᠤ ᠬᠤᠯᠪᠣᠭᠳᠠᠭᠰᠠᠨ 292 ᠲᠦᠮᠡᠨ ᠲᠥᠭᠦᠷᠢᠭ ᠤᠨ ᠭᠦᠢᠴᠡᠳᠬᠡᠬᠦ ᠵᠣᠭᠤᠰ ᠢ  ᠲᠤᠰᠤᠨ‌ᠠᠪᠴᠤ᠂ ᠭᠦᠢᠴᠡᠳᠬᠡᠭᠦᠯᠬᠦ ᠪᠠᠷ ᠭᠤᠶᠤᠴᠢᠯᠠᠭᠴᠢ ᠶᠢᠨ ᠲᠤᠯᠭᠠᠮ᠎ᠠ ᠠᠰᠠᠭᠤᠳᠠᠯ ᠢ ᠦᠨᠡᠨ ᠬᠦ ᠰᠢᠶ᠋ᠳᠪᠦᠷᠢᠯᠡᠵᠡᠶ᠃ ᠲᠠᠶᠢᠯᠤᠮᠵᠢ᠄      ᠯᠢ ᠠᠪᠠᠭ᠋ᠠᠶ ᠪᠣᠯ ᠮᠠᠨ ᠤ ᠬᠤᠳᠠ ᠶᠢᠨ ᠬᠤᠪᠢ ᠶᠢᠨ ᠡᠷᠦᠭᠡ ᠮᠥᠨ᠂ 2015 ᠣᠨ ᠳᠤ ᠰᠠᠶᠢᠨ ᠨᠠᠶᠢᠵᠠ ᠨᠢ ᠲᠡᠭᠦᠨ ᠠᠴᠠ 191 ᠲᠦᠮᠡᠨ ᠲᠥᠭᠦᠷᠢᠭ ᠵᠢᠭᠡᠯᠡᠵᠦ ᠬᠠᠭᠠᠰ ᠵᠢᠯ  ᠵᠢᠭᠡᠯᠡᠬᠦ ᠪᠠᠷ ᠪᠤᠯᠵᠤᠨ ᠲᠤᠭᠲᠠᠵᠠᠢ᠂  ᠪᠣᠯᠵᠣᠨ ᠲᠣᠭᠲᠠᠭᠰᠠᠨ ᠴᠠᠭ ᠲᠤ ᠪᠠᠨ ᠵᠣᠭᠤᠰ ᠢᠶᠠᠨ ᠪᠤᠴᠠᠭᠠᠭᠰᠠᠨ ᠦᠭᠡᠢ ᠮᠥᠷᠲᠡᠭᠡᠨ ᠬᠡᠳᠦᠨ ᠤᠳᠠᠭ᠎ᠠ ᠵᠥᠪᠳᠡᠯᠴᠡᠭᠡᠳ ᠦᠷ᠎ᠡ ᠳ᠋ᠦᠩ ᠭᠠᠷᠤᠭᠰᠠᠨ ᠦᠭᠡᠢ ᠪᠣᠯᠬᠤᠷ ᠡᠨᠡ ᠵᠢᠯ ᠯᠢ ᠠᠪᠠᠭ᠋ᠠᠶ ᠬᠤᠳᠠ ᠶᠢᠨ ᠠᠷᠠᠳ ᠤᠨ ᠰᠢᠭᠦᠬᠦ ᠬᠤᠷᠢᠶᠠᠨ ᠳᠤ ᠠᠯᠪᠠᠳᠠᠯᠭ᠎ᠠ ᠪᠠᠷ ᠬᠡᠷᠡᠭᠵᠢᠭᠦᠯᠬᠦ ᠪᠠᠷ ᠭᠤᠶᠤᠴᠢᠯᠠᠵᠠᠢ᠃   ᠰᠤᠷᠪᠤᠯᠵᠢᠯᠠᠭ᠎ᠠ᠄ ᠬᠡᠷᠡᠭ ᠢ ᠭᠦᠢᠴᠡᠳᠬᠡᠬᠦ ᠪᠠᠷ ᠭᠤᠶᠤᠴᠢᠯᠠᠭᠴᠢ  ᠄ ᠯᠢ ᠠᠪᠠᠭ᠋ᠠᠶ᠄  6 ᠵᠢᠯ  ᠪᠤᠯᠴᠢᠬᠠᠯ᠎ᠠ᠂ ᠮᠢᠨᠦ ᠵᠣᠭᠤᠰ ᠢ ᠪᠤᠴᠠᠭᠠᠵᠤ ᠠᠪᠴᠢᠷᠠᠬᠤ ᠲᠡᠶᠢᠯᠬᠦ ᠶᠢ ᠦᠨᠡᠬᠡᠷ ᠪᠤᠳᠤᠵᠤ ᠣᠯᠤᠭᠰᠠᠨ ᠦᠭᠡᠶ᠂ ᠠᠷᠠᠳ ᠤᠨ ᠰᠢᠭᠦᠬᠦ ᠬᠤᠷᠢᠶᠠᠨ ᠠᠴᠠ ᠨᠠᠳᠠ ᠶᠢ ᠬᠠᠪᠰᠤᠷᠤᠨ ᠪᠤᠴᠠᠭᠠᠵᠤ ᠠᠪᠴᠢᠷᠠᠭᠰᠠᠨ‌‍ᠳᠤ ᠶᠡᠬᠡᠳᠡ ᠲᠠᠯᠠᠷᠬᠠᠵᠤ ᠪᠠᠶᠢᠨ᠎ᠠ᠃  ᠣᠶᠢᠯᠠᠭᠠᠭᠰᠠᠨ ᠢᠶᠠᠷ᠂ ᠬᠤᠲᠠ ᠶᠢᠨ ᠠᠷᠠᠳ ᠤᠨ ᠰᠢᠭᠦᠬᠦ ᠬᠤᠷᠢᠶ᠎ᠠ ᠯᠢ ᠠᠪᠠᠭ᠋ᠠᠶ ᠶᠢᠨ ᠬᠡᠷᠡᠭ ᠢ  ‍ᠦ᠋ᠯᠢᠶᠡᠨ ᠠᠪᠤᠭᠰᠠᠨ ᠤ ᠳᠠᠷᠠᠭ᠎ᠠ  ᠳᠠᠷᠤᠶᠢᠬᠠᠨ  ᠠᠵᠢᠯᠲᠠᠨ ᠲᠣᠮᠢᠯᠠᠨ ᠬᠡᠷᠡᠭ ᠢ ᠪᠠᠶᠢᠴᠠᠭᠠᠵᠤ᠂ ᠣᠯᠠᠨ ᠵᠦᠢᠯ ᠤᠨ ᠠᠷᠭ᠎ᠠ ᠬᠡᠮᠵᠢᠶ᠎ᠡ ᠠᠪᠴᠤ ᠪᠠᠶᠢᠭᠠᠳ ᠭᠦᠢᠴᠡᠳᠬᠡᠭᠳᠡᠭᠴᠢ  ᠠᠴᠠ  ᠵᠣᠭᠤᠰ ᠢ ᠪᠤᠴᠠᠯᠭᠠᠵᠤ᠂ ᠣᠯᠠᠨ ᠲᠠᠯ᠎ᠠ ᠶᠢᠨ   ᠵᠥᠪᠳᠡᠯᠴᠡᠭᠡ ᠪᠠᠷ ᠳᠡᠮᠵᠢᠨ ᠬᠤᠶᠠᠷ ᠲᠠᠯ᠎ᠠ ᠪᠠᠷ ᠢᠶᠠᠨ 292 ᠲᠦᠮᠡᠨ ᠲᠥᠭᠦᠷᠢᠭ  ᠪᠤᠴᠠᠭᠠᠬᠤ ᠪᠠᠷ ᠬᠡᠯᠡᠯᠴᠡᠭᠡᠷ ᠲᠣᠭᠲᠠᠵᠠᠶ᠃   ᠲᠤᠬᠠᠶ ᠶᠢᠨ ᠲᠠᠯᠠᠪᠤᠷ ᠲᠤ ᠭᠦᠢᠴᠡᠳᠬᠡᠭᠳᠡᠭᠴᠢ 120 ᠲᠦᠮᠡᠨ ᠲᠥᠭᠦᠷᠢᠭ ᠢ ᠪᠡᠯᠡᠨ ᠵᠣᠭᠤᠰ ᠢᠶᠠᠷ ᠳᠥᠯᠥᠵᠦ᠂ ᠦᠯᠡᠳᠡᠭᠰᠡᠨ 172 ᠲᠦᠮᠡᠨ ᠲᠥᠭᠦᠷᠢᠭ ᠢ ᠰᠦᠯᠵᠢᠶᠡᠨ ᠤ ᠪᠠᠩᠬᠢ ᠪᠠᠷ ᠳᠠᠮᠵᠢᠭᠤᠯᠤᠨ ᠳᠠᠩᠰᠠ ᠰᠢᠯᠵᠢᠭᠦᠯᠵᠦ ᠳᠥᠯᠥᠭᠰᠡᠨ ᠪᠠᠶᠢᠨ᠎ᠠ᠃   ︽ ᠮᠤᠷᠢᠨ ᠲᠠᠪᠬᠢᠭ᠎ᠠ︾ ᠲᠤᠰᠬᠠᠶ ᠠᠵᠢᠯᠯᠠᠭ᠎ᠠ ᠶᠢ ᠥᠷᠨᠢᠭᠦᠯᠦᠭᠰᠡᠨ ᠠᠴᠠ ᠨᠠᠭᠠᠰᠢ᠂ ᠬᠤᠲᠠ ᠶᠢᠨ ᠠᠷᠠᠳ ᠤᠨ ᠰᠢᠭᠦᠬᠦ ᠬᠤᠷᠢᠶ᠎ᠠ ᠠᠵᠢᠯ ᠤᠨ ᠪᠣᠳᠠᠲᠤ ᠪᠠᠶᠢᠳᠠᠯ ᠲᠠᠢ ᠪᠠᠨ ᠣᠯᠠᠨ ᠲᠦᠮᠡᠨ ᠤ ︽ᠵᠠᠷᠭᠤ ᠬᠢᠬᠦ︾ ᠶᠠᠪᠤᠴᠠ ᠳᠤ  ᠲᠤᠯᠭᠠᠮ᠎ᠠ ᠬᠦᠴᠢᠷ ᠰᠶᠢᠳᠪᠦᠷᠢᠯᠡᠬᠦ ᠶᠢ ᠬᠦᠯᠢᠶᠡᠵᠦ ᠪᠠᠶᠢᠭ᠎ᠠ ᠠᠰᠠᠭᠤᠳᠠᠯ ᠢ ᠠᠩᠬᠠᠷᠴᠤ᠂ ᠬᠠᠤᠯᠢ ᠬᠡᠷᠡᠭᠵᠢᠭᠦᠯᠬᠦ ᠡᠷᠴᠢᠮ ᠢ ᠴᠢᠩᠭᠠᠷᠠᠭᠤᠯᠵᠤ᠂ ᠵᠣᠭᠤᠰ ᠪᠤᠴᠠᠭᠠᠬᠤ ᠡᠭᠦᠷᠭᠡ ᠪᠠᠨ ᠰᠠᠨᠠᠭᠠᠴᠢᠯᠠᠭ᠎ᠠ ᠠᠴᠠ ᠪᠠᠨ ᠭᠦᠢᠴᠡᠳᠬᠡᠭᠰᠡᠨ ᠦᠭᠡᠢ ᠭᠦᠢᠴᠡᠳᠬᠡᠭᠳᠡᠭᠴᠢ ᠶᠢ ᠢᠲᠡᠭᠡᠯ ᠠᠯᠳᠠᠭᠰᠠᠨ ᠭᠦᠢᠴᠡᠳᠬᠡᠭᠳᠡᠭᠴᠢ ᠶᠢᠨ ᠨᠡᠷᠡᠰ ᠲᠤ ᠣᠷᠣᠭᠤᠯᠵᠤ᠂ ᠲᠦᠷ ᠬᠤᠷᠢᠬᠤ᠂ ᠵᠣᠭᠤᠰ ᠢᠶᠠᠷ ᠲᠣᠷᠭᠠᠬᠤ᠂ ᠬᠢᠯᠢ ᠠᠴᠠ ᠭᠠᠷᠬᠤ ᠶᠢ ᠬᠢᠵᠠᠭᠠᠷᠯᠠᠬᠤ ᠵᠡᠷᠭᠡ ᠠᠯᠪᠠᠳᠠᠯᠭ᠎ᠠ ᠶᠢᠨ ᠠᠷᠭ᠎ᠠ ᠬᠡᠮᠵᠢᠶ᠎ᠡ ᠠᠪᠴᠤ ᠂ ᠢᠲᠡᠭᠡᠯ ᠠᠯᠳᠠᠭᠰᠠᠨ ᠭᠦᠢᠴᠡᠳᠬᠡᠭᠳᠡᠭᠴᠢ ᠳᠤ ᠢᠲᠡᠭᠡᠮᠵᠢ ᠶᠢᠨ ᠵᠠᠯᠬᠠᠭᠠᠯ ᠦᠵᠡᠭᠦᠯᠵᠦ᠂ ᠬᠡᠷᠡᠭ ᠭᠤᠶᠤᠴᠢᠯᠠᠭᠴᠢ ᠶᠢᠨ ᠬᠠᠤᠯᠢ ᠶᠣᠰᠣᠨ ᠤ ᠡᠷᠬᠡ ᠠᠰᠢᠭ ᠢ ᠪᠠᠲᠤᠯᠠᠪᠠ᠃ ᠣᠳᠣᠬᠠᠨ ᠪᠣᠯᠲᠠᠯ᠎ᠠ᠂ ᠬᠤᠲᠠ ᠶᠢᠨ ᠠᠷᠠᠳ ᠤᠨ ᠰᠢᠭᠦᠬᠦ ᠬᠤᠷᠢᠶ᠎ᠠ ᠨᠡᠶᠢᠲᠡ 234 ᠬᠤᠪᠢ ᠬᠡᠷᠡᠭ ᠢ ᠭᠦᠢᠴᠡᠳᠬᠡᠵᠦ᠂ ᠬᠦᠴᠦᠨ ᠲᠠᠢ ᠪᠣᠯᠤᠭᠰᠠᠨ ᠲᠠᠰᠤᠯᠤᠨ ᠲᠣᠭᠲᠠᠭᠠᠯᠲᠠ ᠶᠢᠨ ᠪᠢᠴᠢᠭ ᠬᠠᠷ᠎ᠠ ᠶᠢ ᠣᠯᠠᠨ ᠲᠦᠮᠡᠨ ᠤ ᠬᠠᠷᠮᠠᠨ ᠳᠠᠬᠢ ᠦᠨᠡᠨ ᠪᠣᠳᠠᠲᠠᠶ ᠵᠣᠭᠤᠰ ᠮᠥᠩᠭᠦ ᠪᠣᠯᠭᠠᠭᠰᠠᠨ ᠪᠠᠶᠢᠨ᠎ᠠ᠃
 
ᠢᠷᠡᠯᠲᠡ᠄ ᠡᠷᠢᠶᠡᠨ ᠬᠤᠳᠠ ᠶᠢᠨ ᠬᠠᠮ ᠵᠠᠭᠤᠴᠢᠯᠠᠭᠤᠷ ᠤᠨ ᠲᠦᠪ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号