ᠬᠤᠳᠠ ᠶᠢᠨ ᠤᠯᠠᠭᠠᠨ ᠵᠠᠭᠠᠯᠮᠠᠶᠢᠲᠠᠨ ᠤ ᠨᠡᠶᠢᠭᠡᠮᠯᠢᠭ ᠮᠠᠯᠵᠢᠬᠤ ᠤᠷᠤᠨ ᠳᠤ ᠪᠠᠴᠢᠮ ᠪᠠᠶᠢᠳᠠᠯ ᠢ ᠠᠷᠭᠠᠴᠠᠭᠠᠵᠤ ᠠᠪᠤᠷᠠᠨ ᠲᠤᠰᠠᠯᠠᠬᠤ ᠪᠤᠯᠪᠠᠰᠤᠷᠠᠯ  ᠬᠢᠪᠡ
ᠨᠡᠶᠢᠲᠡᠯᠡᠭᠰᠡᠨ ᠴᠠᠭ᠄
2021/8/18
ᠭᠠᠷᠴᠠᠭ᠄ ᠬᠤᠳᠠ ᠶᠢᠨ ᠤᠯᠠᠭᠠᠨ ᠵᠠᠭᠠᠯᠮᠠᠶᠢᠲᠠᠨ ᠤ ᠨᠡᠶᠢᠭᠡᠮᠯᠢᠭ ᠮᠠᠯᠵᠢᠬᠤ ᠤᠷᠤᠨ ᠳᠤ ᠪᠠᠴᠢᠮ ᠪᠠᠶᠢᠳᠠᠯ ᠢ ᠠᠷᠭᠠᠴᠠᠭᠠᠵᠤ ᠠᠪᠤᠷᠠᠨ ᠲᠤᠰᠠᠯᠠᠬᠤ ᠪᠤᠯᠪᠠᠰᠤᠷᠠᠯ  ᠬᠢᠪᠡᠤᠷᠴᠢᠭᠤᠯᠤᠭᠴᠢ᠄ ᠰᠤᠯᠤᠩᠭᠤᠸ᠎ᠡ ᠤᠳᠤᠷᠢᠳᠬᠠᠯ᠄    ᠪᠠᠴᠢᠮ ᠪᠠᠶᠢᠳᠠᠯ ᠢ ᠠᠷᠭᠠᠴᠠᠭᠠᠬᠤ ᠠᠪᠤᠷᠠᠨ ᠲᠤᠰᠠᠯᠠᠬᠤ ᠮᠡᠳᠡᠯᠭᠡ ᠶᠢ ᠲᠥᠭᠡᠮᠡᠯᠵᠢᠭᠦᠯᠦᠨ᠂ ᠪᠠᠴᠢᠮ ᠪᠠᠶᠢᠳᠠᠯ ᠢ ᠠᠷᠭᠠᠴᠠᠭᠠᠬᠤ ᠠᠪᠤᠷᠠᠨ ᠲᠤᠰᠠᠯᠠᠬᠤ  ᠴᠢᠳᠠᠪᠬᠢ ᠢ ᠳᠡᠭᠡᠭᠰᠢᠯᠡᠭᠦᠯᠬᠦ ᠶᠢᠨ ᠲᠥᠯᠦᠭᠡ᠂ 8  ᠰᠠᠷ᠎ᠠ ᠶᠢᠨ13  ᠤ ᠡᠳᠦᠷ᠂  ᠬᠤᠳᠠ ᠶᠢᠨ ᠤᠯᠠᠭᠠᠨ ᠵᠠᠭᠠᠯᠮᠠᠶᠢᠲᠠᠨ ᠤ ᠨᠡᠶᠢᠭᠡᠮᠯᠢᠭ ᠠᠴᠠ ᠪᠠᠴᠢᠮ ᠪᠠᠶᠢᠳᠠᠯ ᠢ ᠠᠷᠭᠠᠴᠠᠭᠠᠬᠤ ᠠᠪᠤᠷᠠᠨ ᠲᠤᠰᠠᠯᠠᠬᠤ  ᠪᠤᠯᠪᠠᠰᠤᠷᠠᠯ ᠢ ᠰᠦᠵᠢ ᠭᠠᠴᠠᠭᠠᠨ ᠳᠤ ᠬᠦᠷᠭᠡᠵᠦ᠂  ᠭᠠᠴᠠᠭᠠᠨ ᠤ ᠮᠠᠯᠴᠢᠳ ᠲᠤ ᠨᠢᠭᠡ ᠨᠤᠳᠠᠭᠠᠨ ᠤ ᠪᠤᠯᠪᠠᠰᠤᠷᠠᠯ ᠤᠨ ᠬᠢᠴᠢᠶᠡᠯ ᠤᠷᠤᠵᠠᠢ᠃ ᠲᠠᠶᠢᠯᠤᠮᠵᠢ᠄  ᠲᠤᠰ ᠤᠳᠠᠭᠠᠨ ᠤ ᠪᠠᠴᠢᠮ ᠪᠠᠶᠢᠳᠠᠯ ᠢ ᠠᠷᠭᠠᠴᠠᠭᠠᠬᠤ ᠠᠪᠤᠷᠠᠨ ᠲᠤᠰᠠᠯᠠᠬᠤ ᠪᠤᠯᠪᠠᠰᠤᠷᠠᠯ  ᠠᠮᠢ ᠨᠠᠰᠤᠨ ᠤ  ᠶᠢ ᠰᠦᠷᠳᠡᠭᠦᠯᠵᠦ ᠪᠠᠶᠢᠭ᠎ᠠ ᠪᠠᠶᠢᠳᠠᠯ ᠢ  ᠢᠯᠭᠠᠨ ᠲᠠᠨᠢᠬᠤ ᠵᠢᠴᠢ ᠪᠠᠴᠢᠮ ᠪᠠᠶᠢᠳᠠᠯ ᠢ ᠠᠷᠭᠠᠴᠠᠭᠠᠬᠤ  ᠠᠪᠤᠷᠠᠬᠤ ᠰᠢᠰᠲ᠋ᠧᠮ  ᠢ ᠡᠬᠢᠯᠡᠭᠦᠯᠬᠦ᠂  ᠵᠢᠷᠦᠬᠡ ᠠᠭᠤᠰᠬᠢᠨ ᠤ ᠰᠡᠷᠭᠦᠭᠡᠯᠲᠡ᠂  ᠴᠢᠰᠤ  ᠵᠤᠭᠰᠤᠭᠠᠬᠤ᠂  ᠵᠡᠷᠭᠡ ᠠᠭᠤᠯᠭ᠎ᠠ  ᠪᠠᠷ ᠶᠠᠪᠤᠭᠳᠠᠵᠠᠢ᠃  ᠪᠤᠯᠪᠠᠰᠤᠷᠠᠯ ᠳᠤᠮᠳᠠ᠂  ᠤᠯᠠᠭᠠᠨ ᠵᠠᠭᠠᠯᠮᠠᠶᠢᠲᠠᠨ ᠤ ᠨᠡᠶᠢᠭᠡᠮᠯᠢᠭ ᠤᠨ ᠠᠵᠢᠯᠲᠠᠳ ᠳᠥᠭᠦᠮ ᠠᠪᠰᠠᠷᠬᠠᠨ ᠦᠭᠡ ᠶᠠᠷᠢᠶ᠎ᠠ ᠪᠠᠷ  ᠡᠳᠦᠷ ᠲᠤᠲᠤᠮ ᠤᠨ ᠠᠮᠢᠳᠤᠷᠠᠯ ᠳᠤᠮᠳᠠᠬᠢ ᠭᠡᠨᠡᠳᠲᠡ ᠶᠢᠨ ᠪᠠᠶᠢᠳᠠᠯ ᠢ ᠠᠷᠭᠠᠴᠠᠭᠠᠬᠤ᠂  ᠪᠦᠲᠦᠮᠵᠢᠲᠡᠢ ᠠᠪᠤᠷᠠᠯᠲᠠ ᠵᠢᠨ‌ᠬᠤᠭᠤᠴᠠᠭᠠᠨ ᠳᠤ ᠪᠠᠴᠢᠮ ᠪᠠᠶᠢᠳᠠᠯ ᠤᠨ ᠠᠷᠭᠠᠴᠠᠭᠠᠨ ᠠᠪᠤᠷᠠᠬᠤ ᠵᠡᠷᠭᠡ ᠠᠭᠤᠯᠭ᠎ᠠ ᠶᠢᠨ ᠲᠤᠬᠠᠢ ᠠᠮᠢᠳᠤᠯᠢᠭ ᠵᠢᠱᠢᠶ᠎ᠡ ᠲᠠᠲᠠᠨ  ᠲᠠᠶᠢᠯᠪᠤᠷᠢᠯᠠᠵᠠᠢ᠃    ᠲᠤᠰ ᠤᠳᠠᠭᠠᠨ ᠤ ᠪᠤᠯᠪᠠᠰᠤᠷᠠᠯ ᠢ ᠤᠨᠤᠯ ᠤᠨ ᠲᠠᠶᠢᠯᠤᠮᠵᠢ ᠪᠤᠯᠤᠨ ᠪᠤᠳᠠᠳᠠᠢ ᠦᠢᠯᠡᠳᠦᠯᠭᠡ ᠬᠤᠶᠠᠷ ᠬᠡᠰᠡᠭ ᠬᠤᠪᠢᠶᠠᠨ ᠶᠠᠪᠤᠭᠳᠠᠭᠤᠯᠵᠠᠢ᠃  ᠪᠤᠳᠠᠳᠠᠤ ᠦᠢᠯᠡᠳᠦᠭᠡ ᠶᠢᠨ ᠬᠡᠰᠡᠭ ᠲᠤ᠂  ᠤᠯᠠᠨ ᠢᠶᠠᠷ ᠢᠶᠠᠨ ᠤᠨᠤᠯ ᠤᠨ ᠲᠠᠶᠢᠯᠤᠮᠵᠢ ᠠᠴᠠ ᠰᠤᠷᠤᠭᠰᠠᠨ ᠮᠡᠳᠡᠯᠭᠡ ᠪᠠᠨ  ᠬᠡᠷᠡᠭᠯᠡᠵᠦ᠂  ᠠᠵᠢᠯᠲᠠᠳ ᠲᠠᠢ ᠬᠠᠮᠵᠢᠯᠴᠠᠨ᠂  ᠡᠳᠦᠷ ᠲᠤᠲᠤᠮ ᠤᠨ  ᠪᠠᠴᠢᠮ ᠠᠪᠤᠷᠠᠨ ᠲᠤᠰᠠᠯᠠᠬᠤ ᠠᠷᠭ᠎ᠠ ᠬᠡᠮᠵᠢᠶ᠎ᠡ ᠶᠢ ᠭᠦᠢᠴᠡᠳ ᠡᠵᠡᠮᠰᠢᠭᠰᠡᠨ ᠪᠠᠶᠢᠨ᠎ᠠ᠃  ᠦᠢᠭᠠᠯᠬᠤ ᠳᠤ  ᠬᠦᠴᠢᠷ ᠠᠭᠤᠯᠭ᠎ᠠ ᠶᠢ ᠠᠵᠢᠯᠲᠠᠳ ᠠᠴᠠ ᠠᠬᠤᠢ ᠲᠠᠯᠠᠪᠠᠢ ᠳᠤ ᠵᠢᠯᠤᠭᠤᠳᠴᠦ᠂  ᠪᠤᠯᠪᠠᠰᠤᠷᠠᠯ ᠳᠤ ᠤᠷᠤᠯᠴᠠᠭᠰᠠᠨ ᠪᠤᠯᠭᠠᠨ ᠳᠤ ᠰᠤᠷᠤᠭᠰᠠᠨ ᠠᠭᠤᠯᠭ᠎ᠠ ᠶᠢ ᠭᠦᠢᠴᠡᠳ ᠡᠵᠡᠮᠰᠢᠭᠦᠯᠵᠦ᠂  ᠪᠠᠴᠢᠮ ᠪᠠᠶᠢᠳᠠᠯ ᠳᠤᠤᠷ᠎ᠠ ᠵᠥᠪ ᠤᠨᠤᠪᠴᠢᠲᠠᠢ ᠰᠶᠢᠳᠪᠦᠷᠢᠯᠡᠵᠦ ᠲᠡᠶᠢᠯᠬᠦ ᠪᠤᠯᠭᠠᠭᠰᠠᠨ ᠪᠠᠶᠢᠨ᠎ᠠ᠃
 
ᠢᠷᠡᠯᠲᠡ᠄ ᠡᠷᠢᠶᠡᠨ ᠬᠤᠳᠠ ᠶᠢᠨ ᠬᠠᠮ ᠵᠠᠭᠤᠴᠢᠯᠠᠭᠤᠷ ᠤᠨ ᠲᠦᠪ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号