ᠵᠢᠷᠭᠠᠯ
ᠨᠡᠶᠢᠲᠡᠯᠡᠭᠰᠡᠨ ᠴᠠᠭ᠄
2022/11/22
ᠷ᠊᠂ ᠴᠣᠶᠢᠨᠣᠮ            ᠵᠢᠷᠭᠠᠯ ᠬᠦᠴᠦᠳᠦ ᠠᠮᠢᠳᠣᠷᠠᠯ ᠤᠨ ᠶᠡᠭᠡ ᠳᠡᠪᠵᠢᠶᠡᠨ ᠳᠤ ᠬᠦᠴᠦᠨ ᠪᠠᠭᠤᠷᠠᠢ ᠡᠨᠡᠬᠡᠨ ᠨᠠᠰᠣᠨ ᠳᠤ ᠬᠦᠰᠡᠯ ᠤᠨ ᠪᠣᠭᠤᠯ ᠪᠣᠯᠵᠦ ᠶᠠᠪᠣᠬᠤ ᠳᠤ ᠬᠦᠮᠦᠨ ᠤ ᠵᠢᠷᠭᠠᠯ ᠮᠥᠨ ᠴᠦ ᠣᠯᠠᠨ ᠶᠠᠩᠵᠦ ᠡ︕ ᠰᠠᠶᠢᠨ ᠮᠣᠷᠢ ᠶᠢ ᠣᠨᠣᠵᠦ ᠰᠠᠯᠬᠢ ᠰᠢᠭ᠋ ᠶᠠᠪᠣᠬᠤ ᠨᠢᠭᠡᠨ ᠵᠢᠷᠭᠠᠯ ᠪᠠᠶᠢᠬᠤ ᠳᠤ ᠰᠠᠶᠢᠬᠠᠨ ᠪᠦᠰᠡᠬᠦᠢ ᠶᠢᠨ ᠠᠭᠠᠯᠢᠨ ᠳᠤ ᠰᠠᠷᠬᠤᠳ ᠰᠢᠭ᠋ ᠬᠦᠯᠴᠣᠵᠦ ᠰᠠᠭᠤᠬᠤ ᠪᠠᠰᠠ ᠨᠢᠭᠡᠨ ᠵᠢᠷᠭᠠᠯ ᠪᠣᠢ᠃ ᠦᠴᠦᠬᠡᠨ ᠪᠠᠷᠠᠭᠠᠨ ᠠᠮᠠᠷᠠᠭ ᠢᠶᠠᠨ ᠦᠨᠳᠣᠷ ᠴᠠᠭᠠᠨ ᠬᠡᠵᠦ ᠪᠣᠳᠣᠵᠦ ᠶᠠᠪᠣᠬᠤ ᠨᠢᠭᠡᠨ ᠵᠢᠷᠭᠠᠯ ᠪᠠᠶᠢᠬᠤ ᠳᠤ ᠦᠴᠢᠨᠡᠨ ᠬᠡᠣᠬᠡᠳ ᠪᠣᠵᠢᠬᠢᠨᠠᠭᠤᠯᠣᠭᠠᠳ ᠦᠪᠡᠷ ᠢᠶᠠᠨ ᠳᠣᠮᠳᠠ ᠨᠢ ᠳᠠᠷᠣᠭᠳᠠᠵᠦ ᠰᠠᠭᠤᠬᠤ ᠪᠠᠰᠠ ᠨᠢᠭᠡᠨ ᠵᠢᠷᠭᠠᠯ ᠪᠣᠢ᠃ ᠬᠡᠳᠠᠯ᠎ᠠ᠂ ᠮᠣᠷᠢ ᠴᠦ ᠦᠭᠡᠢ᠂ ᠨᠣᠬᠠᠢ ᠴᠦ ᠦᠭᠡᠢ ᠬᠡᠷᠬᠡᠢ ᠴᠦ ᠦᠭᠡᠢ᠂ ᠬᠡᠣᠬᠡᠳ ᠴᠦ ᠦᠭᠡᠢ ᠬᠡᠷ ᠣᠷᠣᠨ ᠴᠦ ᠦᠭᠡᠢ᠂ ᠵᠠᠰᠠᠭ ᠴᠦ ᠦᠭᠡᠢ ᠴᠠᠭᠠᠨ ᠵᠡᠭᠡᠷ᠎ᠡ ᠰᠢᠭ᠋ ᠶᠠᠪᠣᠬᠤ ᠨᠢᠭᠡᠨ ᠵᠢᠷᠭᠠᠯ ᠪᠠᠶᠢᠳᠠᠭ᠃ ᠦᠭᠡᠢ ᠪᠣᠯ᠂ ᠬᠡᠨ ᠴᠦ ᠬᠠᠮᠢᠶ᠎ᠠ ᠦᠭᠡᠢ ᠨᠢᠭᠡᠨ ᠲᠠᠢ ᠦᠨᠦᠰᠦᠯᠳᠣᠵᠦ᠂ ᠮᠣᠣᠷ ᠤᠨ ᠵᠣᠯᠵᠠᠭ᠎ᠠ ᠰᠢᠭ᠋ ᠡᠷᠬᠡᠯᠡᠵᠦ ᠦᠬᠦᠯ᠎ᠡ ᠬᠠᠳᠠᠯ᠎ᠠ ᠬᠡᠵᠦ ᠳᠣᠨᠢᠷᠬᠠᠵᠦ ᠦᠰᠦ ᠪᠡ ᠴᠠᠶᠢᠳᠠᠯ᠎ᠠ᠂ ᠪᠠᠯᠴᠢᠷ ᠮᠡᠳᠦ ᠶᠠᠪᠣᠬᠤ ᠪᠠᠰᠠ ᠨᠢᠭᠡᠨ ᠵᠢᠷᠭᠠᠯ ᠪᠣᠢ᠃ ᠠᠷᠠᠢ ᠬᠡᠵᠦ ᠣᠯᠳᠠᠭᠰᠠᠨ ᠢᠶᠠᠨ ᠬᠦᠮᠦᠨ ᠳᠤ ᠳᠠᠷᠬᠠᠭᠠᠵᠦ ᠠᠷᠢᠬᠢ ᠳᠠᠷᠠᠰᠦ ᠪᠠᠷ ᠪᠣᠰᠣᠳ ᠢ ᠳᠠᠶᠢᠯᠠᠵᠦ ᠠᠮᠢᠳᠠᠨ ᠢ ᠭᠠᠭᠴᠠ ᠣᠳᠠᠭ᠎ᠠ ᠴᠦ ᠪᠣᠯ ᠪᠠᠶᠠᠷᠯᠠᠭᠤᠯᠬᠤ ᠶᠢᠨ ᠳᠣᠯᠠᠳᠠ ᠠᠯᠳᠠᠨ ᠪᠡᠶ᠎ᠡ ᠪᠠᠨ ᠴᠦᠯᠮᠣᠵᠦ ᠶᠠᠪᠣᠬᠤ ᠨᠢᠭᠡᠨ ᠵᠢᠷᠭᠠᠯ ᠪᠠᠶᠢᠨᠠᠮ᠂᠂᠂᠂ ᠬᠠᠶᠢᠷᠠᠳᠠᠢ ᠬᠡᠰᠡᠨ ᠠᠴᠠ ᠦᠪᠡᠷ ᠢᠶᠠᠨ ᠳᠣᠳᠠᠭᠠᠵᠦ ᠬᠠᠷᠢ ᠬᠤᠯᠠ   ᠶᠢᠨ ᠬᠦᠮᠦᠨ ᠳᠤ ᠰᠡᠳᠬᠢᠯ ᠠᠯᠳᠠᠵᠦ ᠬᠠᠮᠢᠭ᠎ᠠ᠂ ᠬᠡᠵᠢᠶ᠎ᠡ ᠴᠦ ᠪᠦᠳᠦᠬᠦ ᠦᠭᠡᠢ ᠶᠠᠭᠤᠮᠠᠨ ᠤ ᠳᠦᠯᠦᠭᠡ ᠬᠠᠳᠠᠵᠦ ᠰᠠᠨᠠᠭᠠᠰᠢᠷᠠᠵᠦ ᠶᠠᠪᠣᠬᠤ ᠪᠠᠰᠠ ᠨᠢᠭᠡᠨ ᠵᠢᠷᠭᠠᠯ ᠪᠠᠶᠢᠨ᠎ᠠ᠃ ᠡᠳᠦᠷ ᠰᠦᠨᠢ ᠦᠭᠡᠢ ᠣᠨᠳᠠᠳᠠᠭ ᠵᠢᠷᠭᠠᠯ ᠦᠷᠯᠦᠭᠡ ᠦᠳᠡᠰᠢ ᠦᠭᠡᠢ ᠰᠣᠭᠳᠣᠳᠠᠭ ᠵᠢᠷᠭᠠᠯ ᠦᠪᠡᠷ ᠢ ᠪᠠᠨ ᠬᠠᠭᠤᠷᠳᠠᠭ ᠵᠢᠷᠭᠠᠯ᠂ ᠦᠷᠦᠬᠡᠯ ᠢ ᠱᠣᠯᠣᠳᠠᠭ ᠵᠢᠷᠭᠠᠯ ᠦᠴᠢᠨᠡᠨ ᠳᠦᠴᠢᠨᠡᠨ ᠵᠢᠷᠭᠠᠯ᠂᠂᠂᠂ ᠬᠦᠢᠳᠡᠨ ᠵᠢᠷᠭᠠᠯ᠂ ᠬᠠᠯᠠᠭᠤᠨ ᠵᠢᠷᠭᠠᠯ ᠬᠦᠰᠡᠮᠡᠷ ᠵᠢᠷᠭᠠᠯ᠂ ᠬᠦᠰᠡᠮᠡᠷ ᠦᠭᠡᠢ ᠵᠢᠷᠭᠠᠯ ᠬᠦᠮᠦᠨ ᠪᠠᠶᠢᠳᠠᠯ᠎ᠠ ᠪᠠᠨ ᠮᠠᠯ ᠰᠢᠭ᠋ ᠶᠠᠪᠣᠬᠤ ᠵᠢᠷᠭᠠᠯ ᠠᠶ᠎ᠠ᠂ ᠵᠢᠷᠭᠠᠯ ᠶᠠᠭᠤᠳᠠᠢ ᠣᠯᠠᠨ ᠪᠣᠢ︖ ᠡᠨᠡ ᠣᠯᠠᠨ ᠵᠢᠷᠭᠠᠯ ᠢ ᠡᠳ᠋ᠯᠡᠬᠦ ᠬᠡᠵᠦ ᠬᠦᠰᠡᠵᠦ ᠶᠠᠪᠣᠭ᠎ᠠ ᠬᠦᠮᠦᠨ ᠴᠦᠮ ᠵᠢᠷᠭᠠᠯᠳᠠᠢ᠃ ᠡᠳ᠋ᠯᠡᠭᠡᠳ ᠬᠠᠨᠣᠭᠰᠠᠨ ᠬᠦᠮᠦᠨ ᠪᠦᠬᠦᠨ ᠵᠣᠪᠠᠯᠠᠩᠳᠠᠢ ᠡᠴᠣᠰ ᠲᠡᠭᠡᠨ ᠵᠣᠪᠠᠯᠠᠩ ᠦᠭᠡᠢ ᠵᠢᠷᠭᠠᠯ ᠬᠤᠷᠸ᠎ᠠ ᠳᠤ ᠪᠠᠶᠢᠭᠰᠠᠨ ᠦᠭᠡᠢ᠃                                            1977.10.5
 
ᠢᠷᠡᠯᠲᠡ᠄ ᠡᠷᠢᠶᠡᠨ ᠬᠤᠳᠠ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号