﹇ᠰᠢᠨ᠎ᠡ ᠠᠶᠠᠨ ᠳᠤ ᠭᠠᠪᠰᠢᠭᠠᠶᠢᠯᠠᠨ ᠰᠢᠨ᠎ᠡ ᠴᠠᠭ ᠦᠶ᠎ᠡ ᠳᠤ ᠭᠠᠪᠢᠶ᠎ᠠ ᠪᠠᠶᠢᠭᠤᠯᠰᠤᠭᠠᠢ﹈ ᠡᠷᠢᠶᠡᠨ ᠬᠤᠳᠠ ᠶᠢᠨ ᠲᠡᠮᠦᠷ ᠵᠠᠮ ᠤᠨ ᠪᠣᠭᠤᠮᠲᠠ ᠶᠢᠨ ᠬᠢᠯᠢ ᠪᠠᠷ ᠣᠷᠣᠵᠤ ᠭᠠᠷᠬᠤ ᠳᠤᠮᠳᠠᠳᠤ ᠡᠸᠦ᠋ᠷᠦᠫᠡ ᠶᠢᠨ ᠵᠢᠰᠢᠶᠠᠨ ᠤ ᠭᠠᠯᠲᠤ ᠲᠡᠷᠭᠡ ᠶᠢᠨ ᠪᠠᠷᠠᠭᠠᠨ ᠤ ᠦᠷᠳᠡᠭ 110 ᠳ᠋ᠦᠩᠰᠢᠭᠤᠷ ᠲᠥᠭᠦᠷᠢᠭ ᠢ ᠳᠠᠪᠠᠵᠠᠢ︕
ᠨᠡᠶᠢᠲᠡᠯᠡᠭᠰᠡᠨ ᠴᠠᠭ᠄
2022/4/15
    4 ᠰᠠᠷ᠎ᠠ ᠶᠢᠨ 12 ᠤᠨ ᠡᠳᠦᠷ᠂ ᠳᠦᠭᠦᠷᠡᠩ ᠠᠴᠢᠶᠠᠨ ᠤ ᠮᠠᠰᠢᠨ ᠲᠡᠷᠭᠡ᠂ ᠮᠠᠰᠢᠨ ᠲᠡᠷᠭᠡᠨ ᠤ ᠰᠡᠯᠪᠢᠭ ᠲᠣᠨᠤᠭ  ᠳᠡᠭᠡᠭᠡᠪᠣᠷᠢᠯᠡᠭᠰᠡᠨ ︽ᠾᠧᠹᠧᠢ ᠶᠢᠨ ᠵᠢᠰᠢᠶᠠᠨ ᠤ ᠭᠠᠯᠲᠤ ᠲᠡᠷᠭᠡ︾ ᠡᠷᠢᠶᠡᠨ ᠬᠤᠲᠠ ᠶᠢᠨ ᠪᠣᠭᠤᠮᠲᠠ ᠳᠤ ᠬᠦᠷᠴᠦ ᠢᠷᠡᠪᠡ᠃ ᠲᠤᠰ ᠡᠭᠡᠯᠵᠢ ᠶᠢᠨ ᠭᠠᠯᠲᠤ ᠲᠡᠷᠭᠡᠨ ᠳᠤ 50 ᠪᠠᠷᠢᠮᠵᠢᠶᠠᠲᠤ ᠴᠢᠩᠭᠡᠯᠢᠭ ᠢ ᠠᠴᠢᠵᠤ᠂ ᠪᠠᠷᠠᠭᠠᠨ ᠤ ᠬᠦᠨᠳᠦ ᠨᠢ 246.13 ᠲᠣᠨ᠂ ᠪᠠᠷᠠᠭᠠᠨ ᠤ ᠥᠷᠲᠡᠭ ᠨᠢ 1716.45 ᠲᠦᠮᠡᠨ ᠲᠥᠭᠦᠷᠢᠭ ᠲᠤ ᠬᠦᠷᠴᠡᠢ᠃ ᠲᠤᠰ ᠡᠭᠡᠯᠵᠢ ᠶᠢᠨ ᠵᠢᠰᠢᠶᠠᠨ ᠤ ᠭᠠᠯᠲᠤ ᠲᠡᠷᠭᠡ ᠶᠢᠨ ᠨᠡᠪᠲᠡᠷᠡᠭᠰᠡᠨ ᠨᠢ ᠡᠨᠡ ᠵᠢᠯ ᠡᠷᠢᠶᠡᠨ ᠬᠤᠳᠠ ᠶᠢᠨ ᠪᠣᠭᠤᠮᠲᠠ ᠪᠠᠷ ᠬᠢᠯᠢ ᠪᠠᠷ ᠣᠷᠣᠵᠤ ᠭᠠᠷᠬᠤ ᠳᠤᠮᠳᠠᠳᠤ ᠡᠸᠦ᠋ᠷᠦᠫᠡ ᠶᠢᠨ ᠵᠢᠰᠢᠶᠠᠨ ᠤ ᠭᠠᠯᠲᠤ ᠲᠡᠷᠭᠡ ᠶᠢᠨ ᠪᠠᠷᠠᠭᠠᠨ ᠤ ᠦᠷᠳᠡᠭ 110 ᠳ᠋ᠦᠩᠰᠢᠭᠤᠷ ᠲᠥᠭᠦᠷᠢᠭ ᠢ ᠳᠠᠪᠠᠭᠰᠠᠨ ᠢ ᠬᠠᠷᠠᠭᠤᠯᠵᠤ ᠪᠠᠶᠢᠬᠤ ᠪᠥᠭᠡᠳ ᠲᠤᠰ ᠪᠣᠭᠤᠮᠲᠠ ᠶᠢᠨ ᠬᠢᠯᠢ ᠪᠠᠷ ᠣᠷᠣᠵᠤ ᠭᠠᠷᠬᠤ ᠳᠤᠮᠳᠠᠳᠤ ᠡᠸᠦ᠋ᠷᠦᠫᠡ ᠶᠢᠨ ᠵᠢᠰᠢᠶᠠᠨ ᠤ ᠭᠠᠯᠲᠤ ᠲᠡᠷᠭᠡ ᠶᠢᠨ ᠪᠠᠷᠠᠭᠠᠨ ᠤ ᠦᠷᠳᠡᠭ ᠵᠢᠷᠭᠤᠭᠠᠨ ᠵᠢᠯ ᠳᠠᠷᠠᠭᠠᠯᠠᠨ ᠵᠠᠭᠤᠨ ᠳ᠋ᠦᠩᠰᠢᠭᠤᠷ ᠲᠥᠭᠦᠷᠢᠭ ᠤᠨ ᠪᠣᠭᠤᠮᠲᠠ ᠶᠢ ᠳᠠᠪᠠᠭᠰᠠᠨ ᠢ ᠬᠠᠷᠠᠭᠤᠯᠵᠤ ᠪᠠᠶᠢᠨ᠎ᠠ᠃
    ᠡᠨᠡ ᠵᠢᠯ ᠤᠨ 4 ᠰᠠᠷ᠎ᠠ ᠶᠢᠨ 12  ᠤᠨ ᠡᠳᠦᠷ ᠪᠣᠯᠲᠠᠯ᠎ᠠ᠂ ᠡᠷᠢᠶᠡᠨ ᠪᠣᠭᠤᠮᠲᠠ ᠶᠢᠨ ᠬᠢᠨ 810 ᠣᠳᠠᠭᠠᠨ  ᠤ ᠳᠤᠮᠳᠠᠳᠤ ᠡᠸᠦ᠋ᠷᠦᠫᠡ ᠶᠢᠨ ᠵᠢᠰᠢᠶᠠᠨ ᠤ ᠭᠠᠯᠲᠤ ᠲᠡᠷᠭᠡ᠂ 84000 ᠪᠠᠷᠢᠮᠵᠢᠶᠠᠲᠤ ᠠᠪᠳᠠᠷ᠎ᠠ ᠶᠢ ᠬᠢᠨᠠᠨ ᠬᠠᠮᠢᠶᠠᠷᠴᠤ᠂ ᠪᠠᠷᠠᠭᠠᠨ ᠤ ᠬᠦᠨᠳᠦ ᠨᠢ 75.53 ᠲᠦᠮᠡᠨ ᠲᠣᠨ ᠳᠤ ᠬᠦᠷᠴᠦ᠂ ᠪᠠᠷᠠᠭᠠᠨ ᠤ ᠦᠷᠳᠡᠭ ᠨᠢ 110.67 ᠳ᠋ᠦᠩᠰᠢᠭᠤᠷ ᠲᠥᠭᠦᠷᠢᠭ ᠲᠤ ᠬᠦᠷᠴᠡᠢ᠃ ᠣᠳᠣᠬᠠᠨ ᠳᠤ᠂ ᠳᠤᠮᠳᠠᠳᠤ ᠡᠸᠦ᠋ᠷᠦᠫᠡ ᠶᠢᠨ ᠵᠢᠰᠢᠶᠠᠨ ᠤ ᠭᠠᠯᠲᠤ ᠲᠡᠷᠭᠡ ᠶᠢᠨ ᠭᠠᠳᠠᠭᠠᠳᠤ ᠠᠴᠠ ᠣᠷᠣᠭᠤᠯᠵᠤ ᠭᠠᠳᠠᠭᠠᠳᠤ ᠳᠤ ᠭᠠᠷᠭᠠᠬᠤ ᠪᠠᠷᠠᠭᠠᠨ ᠤ ᠲᠦᠷᠦᠯ ᠵᠦᠢᠯ ᠲᠠᠰᠤᠷᠠᠯᠲᠠ ᠦᠭᠡᠢ ᠪᠠᠶᠠᠯᠢᠭᠵᠢᠵᠤ᠂ ᠮᠣᠳᠣᠨ ᠡᠭᠡᠳᠡᠩ ᠤᠨ ᠬᠠᠪᠲᠠᠰᠤ᠂ ᠡᠳᠦᠷ ᠳᠤᠳᠤᠮ ᠤᠨ ᠬᠡᠷᠡᠭᠯᠡᠭᠡᠨ ᠤ ᠪᠦᠷᠢᠨ ᠪᠠᠷᠠᠭ᠎ᠠ᠂ ᠭᠡᠷ ᠤᠨ ᠴᠠᠬᠢᠯᠭᠠᠨ ᠬᠡᠷᠡᠭᠰᠡᠯ ᠠᠴᠠ ᠮᠠᠰᠢᠨ ᠲᠡᠷᠭᠡᠨ ᠤ ᠰᠡᠯᠪᠢᠭ ᠲᠤᠨᠤᠭ᠂ ᠬᠢᠵᠢᠭ ᠢ ᠰᠡᠷᠭᠡᠶᠢᠯᠡᠬᠦ ᠡᠳ᠋ ᠪᠣᠳᠠᠰ᠂ ᠡᠮᠴᠢᠯᠡᠭᠡᠨ ᠤ ᠪᠠᠭᠠᠵᠢ ᠬᠡᠷᠡᠭᠰᠡᠯ᠂ ᠲᠣᠭᠠᠴᠢᠯᠠᠭᠰᠠᠨ ᠦᠢᠯᠡᠳᠬᠦᠨ ᠵᠡᠷᠭᠡ ᠬᠦᠷᠲᠡᠯ᠎ᠡ ᠵᠠᠭᠤ ᠭᠠᠷᠤᠢ ᠵᠦᠢᠯ ᠤᠨ ᠪᠠᠷᠠᠭ᠎ᠠ ᠳᠤ ᠬᠦᠷᠴᠡᠢ᠃     ᠡᠭᠡᠯᠵᠢ ᠶᠢᠨ ᠭᠠᠯᠲᠤ ᠲᠡᠷᠭᠡ ᠶᠢᠨ ᠪᠣᠭᠤᠮᠲᠠ ᠪᠠᠷ ᠥᠩᠭᠡᠷᠡᠬᠦ ᠦᠷ᠎ᠡ ᠪᠦᠲᠦᠮᠵᠢ ᠶᠢ ᠳᠡᠭᠡᠭᠰᠢᠯᠡᠭᠦᠯᠬᠦ ᠶᠢᠨ ᠳᠣᠯᠠᠳᠠ᠂ ᠡᠷᠢᠶᠡᠨ ᠪᠣᠭᠤᠮᠲᠠ ᠶᠢᠨ ᠬᠢᠨ ᠡᠭᠡᠯᠵᠢ ᠶᠢᠨ ᠭᠠᠯᠲᠤ ᠲᠡᠷᠭᠡ ᠶᠢ ᠪᠣᠭᠤᠮᠲᠠ ᠰᠣᠯᠢᠬᠤ ᠲᠤᠬᠠᠶᠢᠯᠠᠭᠰᠠᠨ ᠠᠵᠢᠯ ᠤᠨ ᠰᠢᠨ᠎ᠡ ᠵᠠᠭᠪᠤᠷ ᠢ ᠬᠡᠷᠡᠭᠯᠡᠨ᠂ H2010 ᠰᠢᠰᠲ᠋ᠧᠮ ᠤᠨ ᠭᠠᠳᠠᠭᠠᠳᠤ ᠠᠴᠠ ᠣᠷᠣᠭᠤᠯᠵᠤ ᠪᠣᠭᠤᠮᠲᠠ ᠰᠣᠯᠢᠬᠤ ᠠᠦ᠋ᠲ᠋ᠣ᠋ ᠬᠢᠨᠠᠨ ᠬᠠᠷᠭᠤᠭᠤᠯᠤᠯᠲᠠ᠂ ᠭᠠᠳᠠᠭᠠᠳᠤ ᠳᠤ ᠭᠠᠷᠭᠠᠵᠤ ᠪᠣᠭᠤᠮᠲᠠ ᠰᠣᠯᠢᠬᠤ ᠠᠦ᠋ᠲ᠋ᠣ᠋ ᠬᠢᠨᠠᠨ ᠬᠠᠷᠭᠤᠭᠤᠯᠤᠯᠲᠠ ᠶᠢᠨ ᠴᠢᠳᠠᠮᠵᠢ ᠶᠢ ᠡᠬᠢᠯᠡᠭᠦᠯᠵᠦ᠂ ᠭᠠᠳᠠᠭᠠᠳᠤ ᠠᠴᠠ ᠣᠷᠣᠭᠤᠯᠵᠤ ᠪᠣᠭᠤᠮᠲᠠ ᠰᠣᠯᠢᠬᠤ ᠡᠭᠡᠯᠵᠢ ᠶᠢᠨ ᠭᠠᠯᠲᠤ ᠲᠡᠷᠭᠡ ᠳᠤ ᠨᠢᠭᠡ ᠣᠳᠠᠭ᠎ᠠ ᠶᠢᠨ ᠭᠠᠷ ᠭᠦᠢᠴᠡᠳᠬᠡᠯ ᠢ ᠪᠠᠭᠠᠰᠬᠠᠵᠤ᠂ ᠭᠠᠳᠠᠭᠠᠳᠤ ᠳᠤ ᠭᠠᠷᠭᠠᠵᠤ ᠪᠣᠭᠤᠮᠲᠠ ᠰᠣᠯᠢᠬᠤ ᠡᠭᠡᠯᠵᠢ ᠶᠢᠨ ᠭᠠᠯᠲᠤ ᠲᠡᠷᠭᠡ ᠶᠢ ᠲᠡᠭᠡᠭᠡᠪᠦᠷᠢᠯᠡᠨ ᠬᠦᠷᠭᠡᠭᠰᠡᠨ ᠤ ᠳᠠᠷᠠᠭ᠎ᠠ ᠲᠡᠮᠦᠷ ᠵᠠᠮ ᠢ ᠰᠢᠭᠤᠳ ᠵᠠᠪᠰᠠᠷ ᠦᠭᠡᠢ ᠵᠣᠯᠭᠠᠭᠤᠯᠤᠨ ᠵᠣᠬᠢᠶᠠᠨ ᠪᠠᠶᠢᠭᠤᠯᠵᠤ᠂ ᠭᠠᠳᠠᠭᠰᠢ ᠭᠠᠷᠭᠠᠵᠤ ᠲᠤᠰᠢᠶᠠᠨ᠎ᠠ᠃ ᠪᠦᠷᠢᠳᠬᠡᠯ ᠢ ᠦᠨᠳᠦᠰᠦᠯᠡᠪᠡᠯ᠂ ᠭᠠᠳᠠᠭᠠᠳᠤ ᠳᠤ ᠭᠠᠷᠭᠠᠬᠤ ᠪᠣᠭᠤᠮᠲᠠ ᠶᠢ ᠰᠢᠯᠵᠢᠭᠦᠯᠬᠦ ᠰᠢᠨ᠎ᠡ ᠵᠠᠭᠪᠤᠷ ᠢ ᠬᠡᠷᠡᠭᠯᠡᠨ ᠪᠣᠭᠤᠮᠲᠠ ᠪᠠᠷ ᠥᠩᠭᠡᠷᠡᠬᠦ ᠭᠠᠷ ᠭᠦᠢᠴᠡᠳᠬᠡᠯ ᠬᠢᠵᠦ ᠪᠠᠶᠢᠭ᠎ᠠ ᠳᠤᠮᠳᠠᠳᠤ ᠡᠸᠦ᠋ᠷᠦᠫᠡ ᠶᠢᠨ ᠵᠢᠰᠢᠶᠠᠨ ᠤ ᠭᠠᠯᠲᠤ ᠲᠡᠷᠭᠡ ᠨᠢ ᠬᠢᠯᠢ ᠠᠴᠠ ᠭᠠᠷᠬᠤ ᠪᠥᠬᠦ ᠵᠢᠰᠢᠶᠠᠨ ᠤ ᠭᠠᠯᠲᠤ ᠲᠡᠷᠭᠡ ᠶᠢᠨ 80 %   ᠠᠴᠠ ᠳᠡᠭᠡᠭᠰᠢᠬᠢ ᠶᠢ ᠡᠵᠡᠯᠡᠵᠦ ᠪᠠᠶᠢᠨ᠎ᠠ᠃ ᠲᠣᠰ ᠠᠷᠭ᠎ᠠ ᠬᠡᠮᠵᠢᠶ᠎ᠡ ᠶᠢ ᠬᠡᠷᠡᠭᠵᠢᠭᠦᠯᠦᠭᠰᠡᠨ ᠤ ᠳᠠᠷᠠᠭ᠎ᠠ᠂ ᠵᠢᠰᠢᠶᠠᠨ ᠤ ᠭᠠᠯᠲᠤ ᠲᠡᠷᠭᠡ ᠶᠢᠨ ᠪᠣᠭᠤᠮᠲᠠ ᠪᠠᠷ ᠥᠩᠭᠡᠷᠡᠬᠦ ᠴᠠᠭ ᠢ ᠶᠡᠷᠦᠩᠬᠡᠢ ᠳᠤᠨᠢ 70 % ᠠᠴᠠ ᠳᠡᠭᠡᠭᠰᠢ ᠪᠠᠭᠠᠰᠬᠠᠵᠤ ᠪᠣᠯᠣᠨ᠎ᠠ᠃      ᠡᠨᠡ ᠵᠢᠯ ᠠᠴᠠ ᠨᠠᠰᠢ᠂ ᠡᠷᠢᠶᠡᠨ ᠪᠣᠭᠤᠮᠲᠠ ᠶᠢᠨ ᠬᠢᠨ ᠵᠢᠰᠢᠶᠠᠨ ᠤ ᠭᠠᠯᠲᠤ ᠲᠡᠷᠭᠡ ᠶᠢᠨ ᠠᠶᠠᠯᠠᠯ ᠤᠨ ᠬᠢᠵᠢᠭ ᠤᠨ ᠪᠠᠶᠢᠳᠠᠯ ᠤᠨ ᠲᠦᠭᠰᠢᠭᠦᠷᠢ ᠶᠢ ᠴᠠᠭ ᠲᠤᠬᠠᠢ ᠳᠤᠨᠢ ᠡᠮᠬᠢᠯᠡᠨ ᠪᠠᠶᠢᠴᠠᠭᠠᠵᠤ᠂ ᠵᠢᠰᠢᠶᠠᠨ ᠤ ᠭᠠᠯᠲᠤ ᠲᠡᠷᠭᠡ ᠶᠢᠨ ᠪᠠᠷᠠᠭᠠᠨ ᠤ ᠪᠣᠭᠤᠮᠲᠠ ᠶᠢᠨ ᠪᠠᠶᠢᠴᠠᠭᠠᠨ ᠰᠢᠯᠭᠠᠬᠤ ᠲᠦᠭᠰᠢᠭᠦᠷᠢ ᠶᠢᠨ ᠴᠢᠭ ᠲᠤ ᠰᠢᠨᠵᠢᠯᠡᠬᠦ ᠤᠬᠠᠭᠠᠨᠴᠢ ᠪᠠᠷ ᠵᠠᠳᠠᠯᠤᠯᠲᠠ ᠬᠢᠵᠦ᠂ ᠲᠡᠮᠦᠷ ᠵᠠᠮ ᠤᠨ ᠪᠣᠭᠤᠮᠲᠠ ᠶᠢᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠲᠥᠰᠥᠯ ᠢ ᠲᠣᠭᠲᠠᠭᠠᠭᠰᠠᠨ ᠤ ᠬᠠᠮᠲᠤ ᠵᠢᠰᠢᠶᠠᠨ ᠤ ᠭᠠᠯᠲᠤ ᠲᠡᠷᠭᠡ ᠶᠢᠨ ᠬᠢᠯᠢ ᠪᠠᠷ ᠣᠷᠣᠭᠤᠯᠬᠤ ᠪᠠᠷᠠᠭᠠᠨ ᠤ ᠬᠢᠨᠠᠯᠲᠠ ᠬᠠᠮᠢᠶᠠᠷᠤᠯᠲᠠ ᠶᠢ ᠴᠢᠩᠭᠠᠳᠬᠠᠵᠤ᠂ H986 ᠮᠠᠰᠢᠨ ᠲᠡᠷᠭᠡ ᠶᠢᠨ ᠬᠢᠨᠠᠨ ᠪᠠᠶᠢᠴᠠᠭᠠᠬᠤ ᠵᠢᠷᠤᠭ᠂ ᠬᠠᠷᠠᠭᠠᠨ ᠳᠠᠪᠲᠠᠮᠵᠢ ᠪᠠᠷ ᠬᠢᠨᠠᠨ ᠡᠵᠡᠮᠳᠡᠬᠦ ᠡᠷᠴᠢᠮ ᠵᠢᠴᠢ ᠭᠠᠳᠠᠭᠠᠳᠤ ᠠᠴᠠ ᠣᠷᠣᠭᠤᠯᠬᠤ ᠪᠣᠭᠤᠮᠲᠠ ᠳᠤ ᠰᠢᠯᠵᠢᠭᠦᠯᠬᠦ ᠪᠠᠷᠠᠭᠠᠨ ᠤ ᠰᠢᠰᠲ᠋ᠧᠮ ᠤᠨ ᠬᠢᠨᠠᠨ ᠪᠠᠶᠢᠴᠠᠭᠠᠯᠲᠠ ᠶᠢ ᠴᠢᠩᠭᠠᠳᠬᠠᠵᠤ᠂ ᠵᠢᠰᠢᠶᠠᠨ ᠤ ᠭᠠᠯᠲᠤ ᠲᠡᠷᠭᠡ ᠶᠢᠨ ᠰᠠᠭᠠᠳ ᠦᠭᠡᠢ ᠨᠡᠪᠲᠡᠷᠡᠬᠦ ᠶᠢ ᠪᠦᠲᠦᠮᠵᠢᠲᠡᠢ ᠪᠠᠲᠤᠯᠠᠪᠠ᠃
 
ᠢᠷᠡᠯᠲᠡ᠄ ᠡᠷᠢᠶᠡᠨ ᠬᠤᠳᠠ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号