ᠡᠷᠢᠶᠡᠨ‌ᠬᠤᠳᠠ ᠶᠢᠨ ᠵᠡᠮᠳᠡᠭᠴᠦᠳ ᠤᠨ ᠬᠤᠯᠪᠣᠭ᠎ᠠ ᠪᠣᠯᠣᠨ ᠨᠡᠶᠢᠭᠡᠮ ᠲᠣᠭᠤᠷᠢᠭ ᠬᠠᠮᠲᠤᠷᠠᠨ ︽ᠨᠤᠮ ᠢᠶᠠᠷ ᠤᠶᠤᠨ ᠢᠶᠠᠨ  ᠵᠡᠪᠰᠡᠭᠯᠡᠵᠦ᠂ ᠬᠠᠮᠳᠤᠪᠠᠷ ᠤᠷᠤᠠᠠᠰᠢᠯᠠᠶ᠎ᠠ︕︾ ᠭᠡᠬᠦ ᠭᠤᠣᠯ ᠰᠡᠳᠦᠪᠲᠦ ᠠᠵᠢᠯᠯᠠᠭ᠎ᠠ ᠶᠢ ᠦᠷᠨᠢᠭᠦᠯᠢᠭᠰᠡᠨ
ᠨᠡᠶᠢᠲᠡᠯᠡᠭᠰᠡᠨ ᠴᠠᠭ᠄
2022/4/27
ᠡᠷᠢᠶᠡᠨ  ᠬᠤᠳᠠ   ᠶᠢᠨ  ᠶᠡᠷᠦᠩᠬᠡᠶᠢᠯᠬᠠᠰᠡᠨ ᠷᠠᠳᠢᠣ᠋ ᠶᠢᠨ  ᠰᠤᠷᠪᠤᠯᠵᠢᠯᠠᠭᠴᠢ  ᠪᠦᠷᠢᠩᠭᠤᠸ᠎ᠠ   ᠶᠢᠨ  ᠮᠡᠳᠡᠭᠡᠯᠡᠭᠰᠡᠨ  ᠢᠶᠠᠷ᠄ᠡᠷᠢᠶᠡᠨ‌ᠬᠤᠳᠠ ᠶᠢᠨ ᠵᠡᠮᠳᠡᠭᠴᠦᠳ ᠤᠨ ᠬᠤᠯᠪᠣᠭ᠎ᠠ ᠪᠣᠯᠣᠨ ᠨᠡᠶᠢᠭᠡᠮ ᠲᠣᠭᠤᠷᠢᠭ ᠬᠠᠮᠲᠤᠷᠠᠨ ︽ᠨᠤᠮ ᠢᠶᠠᠷ ᠤᠶᠤᠨ ᠢᠶᠠᠨ  ᠵᠡᠪᠰᠡᠭᠯᠡᠵᠦ᠂ ᠬᠠᠮᠳᠤᠪᠠᠷ ᠤᠷᠤᠠᠠᠰᠢᠯᠠᠶ᠎ᠠ︕︾ ᠭᠡᠬᠦ ᠭᠤᠣᠯ ᠰᠡᠳᠦᠪᠲᠦ ᠠᠵᠢᠯᠯᠠᠭ᠎ᠠ ᠶᠢ  ᠦᠷᠨᠢᠭᠦᠯᠢᠭᠰᠡᠨ       ᠣᠶᠢᠷ᠎ᠠ  ᠶᠢᠨ ᠡᠳᠤᠷ᠂ ︽ᠳᠡᠯᠡᠬᠡᠢ ᠶᠢᠨ ᠨᠣᠮ ᠤᠩᠰᠢᠬᠤ ᠡᠳᠦᠷ︾  ᠢ ᠲᠤᠬᠢᠶᠠᠯᠳᠤᠭᠤᠯᠤᠨ᠂  ᠡᠷᠢᠶᠡᠨ ᠬᠤᠲᠠ ᠶᠢᠨ ᠵᠡᠮᠳᠡᠭᠴᠦᠳ ᠤᠨ ᠬᠤᠯᠪᠣᠭᠠᠨ ᠤ ᠨᠠᠮ ᠤᠨ ᠡᠭᠦᠷ  ᠂ ᠤᠯᠠᠭᠠᠨ  ᠨᠡᠶᠢᠭᠡᠮ ᠲᠤᠭᠤᠷᠢᠭ᠂ ᠰᠢᠯᠢ ᠶᠢᠨ ᠨᠡᠶᠢᠭᠡᠮ ᠲᠣᠭᠤᠷᠢᠭ ᠤᠨ ᠨᠠᠮ ᠤᠨ  ᠠᠵᠢᠯ ᠤᠨ ᠵᠦᠪᠯᠡᠯ ᠲᠠᠢ ᠬᠠᠮᠲᠤᠷᠠᠨ ︽ᠨᠤᠮ ᠢᠶᠠᠷ ᠤᠶᠤᠨ ᠢᠶᠠᠨ  ᠵᠡᠪᠰᠡᠭᠯᠡᠵᠦ᠂ ᠬᠠᠮᠳᠤᠪᠠᠷ ᠤᠷᠤᠠᠠᠰᠢᠯᠠᠶ᠎ᠠ︕︾ ᠭᠡᠬᠦ ᠭᠤᠣᠯ ᠰᠡᠳᠦᠪᠲᠦ ᠠᠵᠢᠯᠯᠠᠭ᠎ᠠ ᠶᠢ ᠦᠷᠨᠢᠭᠦᠯᠪᠠ᠃        ᠠᠵᠢᠯᠯᠠᠭᠠᠨ ᠳᠤ᠂ ᠵᠡᠮᠳᠡᠭᠴᠦᠳ ᠤᠨ ᠲᠥᠯᠥᠭᠡᠯᠡᠭᠴᠢ᠂ ᠨᠡᠶᠢᠭᠡᠮ ᠲᠣᠭᠤᠷᠢᠭ ᠤᠨ ᠠᠵᠢᠯᠲᠠᠨ᠂ ᠵᠡᠮᠳᠡᠭᠴᠦᠳ ᠤᠨ ᠬᠤᠯᠪᠤᠭᠠᠨ ᠤ ᠠᠵᠢᠯᠲᠠᠳ ᠰᠣᠩᠭᠤᠳᠠᠭ ᠵᠤᠬᠢᠶᠠᠯ  ᠠᠴᠠ ᠤᠩᠰᠢᠪᠠ᠃ ᠤᠯᠠᠨ ᠢᠶᠠᠷ ᠢᠶᠠᠨ᠂ ᠬᠤᠶᠢᠰᠢᠳᠠ  ᠢᠯᠡᠭᠦᠦ ᠰᠠᠶᠢᠨ ᠨᠣᠮ  ᠤᠩᠰᠢᠵᠤ᠂  ᠨᠣᠮ ᠤᠩᠰᠢᠬᠤ ᠪᠠᠷ ᠳᠠᠮᠵᠢᠭᠤᠯᠤᠨ ᠳᠤᠮᠳᠠᠳᠤ ᠶᠢᠨ  ᠰᠢᠯᠢᠳᠡᠭ ᠰᠣᠶᠣᠯ ᠢ ᠤᠯᠠᠮᠵᠢᠯᠠᠵᠤ᠂ ᠪᠣᠯᠪᠠᠰᠤᠨ ᠬᠤᠳᠠ ᠶᠢᠨ ᠠᠷᠠᠳ ᠪᠣᠯᠬᠤ ᠪᠠᠷ ᠴᠢᠷᠮᠠᠶᠢᠵᠤ᠂  ᠡᠷᠢᠶᠡᠨ ᠬᠤᠳᠠ ᠶᠢᠨ ᠪᠦᠬᠦ ᠤᠯᠤᠰ ᠤᠨ ᠪᠣᠯᠪᠠᠰᠤᠨ ᠬᠤᠳᠠ ᠶᠢ  ᠪᠦᠳᠦᠭᠡᠨ ᠪᠠᠶᠢᠭᠤᠯᠬᠤ ᠳᠤ ᠬᠦᠴᠦᠨ  ᠨᠡᠮᠡᠷᠢᠯᠡᠬᠦ ᠪᠠᠨ ᠢᠯᠡᠳᠬᠡᠵᠡᠭᠡᠪᠡ᠃            ᠡᠷᠢᠶᠡᠨ ᠬᠤᠳᠠ ᠶᠢᠨ ᠵᠡᠮᠳᠡᠭᠴᠦᠳ ᠤᠨ  ᠬᠤᠯᠪᠤᠭᠠᠨ ᠤ ᠬᠢᠨ ᠪᠠᠰᠠ ᠨᠣᠮ ᠤᠩᠰᠢᠬᠤ ᠡᠳᠦᠷ ᠤᠨ ᠠᠵᠢᠯᠯᠠᠭ᠎ᠠ ᠳᠤ ᠣᠷᠣᠯᠴᠠᠭᠰᠠᠨ ᠵᠡᠮᠳᠡᠭᠴᠦᠳ ᠲᠤ ᠨᠣᠮ ᠪᠢᠴᠢᠭ  ᠪᠡᠯᠡᠭᠯᠡᠵᠦ᠂ ᠤᠯᠠᠨ ᠳᠤ ᠵᠥᠩᠨᠡᠯ ᠳᠡᠪᠰᠢᠭᠦᠯᠬᠦ ᠶᠢᠨ ᠬᠠᠮᠲᠤ ᠵᠡᠮᠳᠡᠭᠴᠦᠳ ᠢ ᠨᠣᠮ  ᠢᠶᠠᠷ ᠤᠶᠤᠨ ᠢᠶᠠᠨ ᠵᠡᠪᠰᠡᠭᠯᠡᠵᠦ  ᠂ ᠥᠭᠡᠳᠡᠷᠬᠡᠭ ᠠᠮᠢᠳᠤᠷᠠᠯ ᠤᠨ ᠣᠪᠣᠷ ᠲᠠᠢ ᠪᠣᠯᠬᠤ ᠶᠢ  ᠤᠷᠢᠶᠠᠯᠬᠠᠰᠡᠨ ᠪᠠᠶᠢᠨ᠎ᠠ᠃           ᠡᠷᠢᠶᠡᠨ ᠬᠤᠳᠠ ᠶᠢᠨ ᠡᠯ᠎ᠡ ᠨᠡᠶᠢᠭᠡᠮ ᠲᠣᠭᠤᠷᠢᠭ ᠠᠴᠠ ᠢᠷᠡᠭᠰᠡᠨ 40 ᠭᠠᠷᠤᠢ ᠵᠡᠮᠳᠡᠭᠴᠦᠳ  ᠠᠵᠢᠯᠯᠠᠭᠠᠨ ᠳᠤ ᠣᠷᠣᠯᠴᠠᠪᠠ᠃
 
ᠢᠷᠡᠯᠲᠡ᠄ ᠬᠠᠮ ᠵᠢᠭᠤᠴᠢᠯᠠᠭᠤᠷ ᠤᠨ ᠶᠠᠷᠦᠩᠬᠡᠶᠢᠯᠡᠭᠰᠡᠨ ᠷᠠᠳᠢᠤ᠋
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号