ᠡᠷᠢᠶᠡᠨ ᠬᠤᠲᠠ ᠰᠢᠨ᠎ᠡ ᠲᠢᠳᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠢ ᠰᠡᠷᠭᠡᠶᠢᠯᠡᠨ  ᠡᠵᠡᠮᠳᠡᠬᠦ  ᠬᠤᠷᠢᠨ ᠬᠤᠶᠠᠳᠤᠭᠠᠷ ᠤᠳᠠᠭᠠᠨ ᠤ ᠰᠣᠨᠢᠨ ᠮᠡᠳᠡᠭᠡ ᠨᠡᠶᠢᠲᠡᠯᠡᠬᠦ ᠬᠤᠷᠠᠯ ᠬᠤᠷᠠᠯᠳᠤᠭᠤᠯᠵᠦ᠂ ᠬᠢᠵᠢᠭ ᠤᠨ ᠪᠠᠶᠢᠳᠠᠯ ᠢ ᠰᠢᠢᠳᠪᠦᠷᠢᠯᠡᠭᠰᠡᠨ᠂ ᠡᠪᠡᠳᠴᠢᠲᠡᠨ ᠢ  ᠡᠮᠴᠢᠯᠡᠭᠰᠡᠨ᠂ ᠵᠠᠰᠠᠭ ᠤᠨ ᠶᠠᠪᠤᠳᠠᠯ ᠤᠨ ᠦᠢᠯᠡᠴᠢᠯᠡᠭᠡ ᠵᠡᠷᠭᠡ ᠪᠠᠶᠢᠳᠠᠯ ᠢ  ᠨᠡᠶᠢᠳᠡᠯᠡᠭᠰᠡᠨ
ᠨᠡᠶᠢᠲᠡᠯᠡᠭᠰᠡᠨ ᠴᠠᠭ᠄
2022/8/10
ᠡᠷᠢᠶᠡᠨ  ᠬᠤᠳᠠ   ᠶᠢᠨ  ᠶᠡᠷᠦᠩᠬᠡᠶᠢᠯᠬᠠᠰᠡᠨ ᠷᠠᠳᠢᠣ᠋ ᠶᠢᠨ  ᠰᠤᠷᠪᠤᠯᠵᠢᠯᠠᠭᠴᠢ  ᠪᠦᠷᠢᠩᠭᠤᠸ᠎ᠠ   ᠶᠢᠨ  ᠮᠡᠳᠡᠭᠡᠯᠡᠭᠰᠡᠨ  ᠢᠶᠠᠷ᠄ᠡᠷᠢᠶᠡᠨ ᠬᠤᠲᠠ ᠰᠢᠨ᠎ᠡ ᠲᠢᠳᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠢ ᠰᠡᠷᠭᠡᠶᠢᠯᠡᠨ  ᠡᠵᠡᠮᠳᠡᠬᠦ   ᠬᠤᠷᠢᠨ ᠬᠤᠶᠠᠳᠤᠭᠠᠷ ᠤᠳᠠᠭᠠᠨ ᠤ ᠰᠣᠨᠢᠨ ᠮᠡᠳᠡᠭᠡ ᠨᠡᠶᠢᠲᠡᠯᠡᠬᠦ ᠬᠤᠷᠠᠯ ᠬᠤᠷᠠᠯᠳᠤᠭᠤᠯᠵᠦ᠂ ᠬᠢᠵᠢᠭ ᠤᠨ ᠪᠠᠶᠢᠳᠠᠯ ᠢ ᠰᠢᠢᠳᠪᠦᠷᠢᠯᠡᠭᠰᠡᠨ᠂ ᠡᠪᠡᠳᠴᠢᠲᠡᠨ ᠢ  ᠡᠮᠴᠢᠯᠡᠭᠰᠡᠨ᠂ ᠵᠠᠰᠠᠭ ᠤᠨ ᠶᠠᠪᠤᠳᠠᠯ ᠤᠨ ᠦᠢᠯᠡᠴᠢᠯᠡᠭᠡ ᠵᠡᠷᠭᠡ ᠪᠠᠶᠢᠳᠠᠯ ᠢ  ᠨᠡᠶᠢᠳᠡᠯᠡᠭᠰᠡᠨ         8 ᠰᠠᠷ᠎ᠠ ᠶᠢᠨ 8 ᠤ ᠡᠳᠦᠷ᠂ ᠡᠷᠢᠶᠡᠨ  ᠬᠤᠲᠠ ᠰᠢᠨ᠎ᠡ ᠲᠢᠳᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠢ ᠰᠡᠷᠭᠡᠶᠢᠯᠡᠨ  ᠡᠵᠡᠮᠳᠡᠬᠦ   ᠬᠤᠷᠢᠨ ᠬᠤᠶᠠᠳᠤᠭᠠᠷ  ᠤᠳᠠᠭᠠᠨ ᠤ ᠰᠣᠨᠢᠨ ᠮᠡᠳᠡᠭᠡ ᠨᠡᠶᠢᠲᠡᠯᠡᠬᠦ ᠬᠤᠷᠠᠯ ᠬᠤᠷᠠᠯᠳᠤᠭᠤᠯᠵᠦ  ᠂ ᠬᠢᠵᠢᠭ ᠤᠨ ᠪᠠᠶᠢᠳᠠᠯ ᠢ ᠰᠢᠢᠳᠪᠦᠷᠢᠯᠡᠭᠰᠡᠨ᠂ ᠡᠪᠡᠳᠴᠢᠲᠡᠨ ᠢ  ᠡᠮᠴᠢᠯᠡᠭᠰᠡᠨ᠂ ᠵᠠᠰᠠᠭ ᠤᠨ ᠶᠠᠪᠤᠳᠠᠯ ᠤᠨ ᠦᠢᠯᠡᠴᠢᠯᠡᠭᠡ ᠵᠡᠷᠭᠡ  ᠪᠠᠶᠢᠳᠠᠯ ᠢ ᠵᠠᠷᠯᠠᠨ  ᠨᠡᠶᠢᠳᠡᠯᠡᠪᠡ  ᠃ ᠡᠷᠢᠶᠡᠨ ᠬᠤᠲᠠ ᠶᠢᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠵᠢᠯᠤᠭᠤᠳᠬᠤ ᠭᠠᠵᠠᠷ ᠤᠨ ᠳᠡᠳ᠋ ᠶᠡᠷᠦᠩᠬᠡᠢ ᠵᠢᠯᠣᠭᠤᠳᠤᠭᠴᠢ᠂  ᠬᠤᠲᠠ ᠶᠢᠨ ᠳᠡᠳ᠋ ᠳᠠᠷᠤᠭ᠎ᠠ ᠸᠠᠩ ᠳ᠋ᠦᠩ ᠱᠧᠩ  ᠵᠢᠴᠢ ᠬᠠᠮᠢᠶ᠎ᠠ ᠪᠦᠬᠦᠢ ᠬᠥᠮᠥᠰ ᠰᠣᠨᠢᠨ ᠮᠡᠳᠡᠭᠡ ᠨᠡᠶᠢᠳᠡᠯᠡᠬᠦ ᠬᠤᠷᠠᠯ ᠳᠤ ᠤᠷᠤᠯᠴᠠᠵᠠᠢ᠃           ᠮᠡᠳᠡᠭᠳᠡᠯ ᠢ ᠦᠨᠳᠦᠰᠦᠯᠡᠪᠡᠯ᠂  8 ᠰᠠᠷ᠎ᠠ ᠶᠢᠨ 7 ᠤ ᠡᠳᠦᠷ ᠤᠨ 0 ︱ 24 ᠴᠠᠭ ᠪᠤᠯᠳᠠᠯ᠎ᠠ᠂ ᠡᠷᠢᠶᠡᠨ  ᠬᠤᠲᠠ  ᠳᠤ ᠤᠨᠤᠰᠢᠯᠬᠠᠳ᠋ᠬᠠᠰᠡᠨ ᠡᠪᠡᠳᠴᠢᠨ ᠤ ᠵᠢᠱᠢᠶ᠎ᠡ 3 ᠨᠡᠮᠡᠭᠳᠡᠵᠦ᠂ 8 ᠰᠠᠷ᠎ᠠ ᠶᠢᠨ 7 ᠤ ᠡᠳᠦᠷ ᠤᠨ 24 ᠴᠠᠭ ᠪᠣᠯᠲᠠᠯ᠎ᠠ  ᠂     ᠤᠨᠤᠰᠢᠯᠬᠠᠳ᠋ᠬᠠᠰᠡᠨ ᠡᠪᠡᠳᠴᠢᠨ ᠤ ᠵᠢᠱᠢᠶ᠎ᠡ 30 ᠪᠠᠶᠢᠵᠤ᠂ ᠡᠪᠡᠳᠴᠢᠨ ᠤ ᠢᠯᠡᠷᠡᠯ ᠦᠭᠡᠢ ᠬᠠᠯᠳᠠᠪᠤᠷᠢᠯᠠᠭᠰᠠᠳ 20 ᠪᠠᠶᠢᠵᠤ᠂ ᠤᠨᠤᠰᠢᠯᠬᠠᠳ᠋ᠬᠠᠰᠡᠨ ᠡᠪᠡᠳᠴᠢᠳᠡᠨ ᠢ  ᠲᠣᠭᠲᠠᠮᠠᠯ ᠡᠮᠨᠡᠯᠭᠡ ᠶᠢᠨ  ᠬᠤᠷᠢᠶᠠᠨ ᠳᠤ  ᠲᠤᠰᠠᠭᠠᠷᠯᠠᠨ  ᠡᠮᠨᠡᠵᠦ  ᠂  ᠡᠪᠡᠳᠴᠢᠳᠡᠨ ᠤ  ᠪᠠᠶᠢᠳᠠᠯ  ᠲᠣᠭᠲᠠᠪᠤᠷᠢᠲᠠᠢ  ᠪᠠᠶᠢᠨ᠎ᠠ᠃  8 ᠰᠠᠷ᠎ᠠ ᠶᠢᠨ 8 ᠤ ᠡᠳᠦᠷ ᠤᠨ 12 ᠴᠠᠭ ᠪᠣᠯᠲᠠᠯ᠎ᠠ᠂  ᠡᠷᠢᠶᠡᠨ  ᠬᠤᠲᠠ  5 ᠦᠨᠳᠤᠷ ᠡᠷᠡᠰᠳᠡᠯ ᠲᠠᠢ  ᠲᠤᠭᠤᠷᠢᠭ᠂  14 ᠲᠤᠮᠳᠠ ᠡᠷᠡᠰᠳᠡᠯ ᠲᠠᠢ ᠲᠤᠭᠤᠷᠢᠭ  ᠂ ᠪᠤᠰᠤᠳ  ᠲᠤᠭᠤᠷᠢᠭ ᠢ ᠲᠤᠤᠷ᠎ᠠ ᠡᠷᠡᠰᠳᠡᠯ ᠲᠠᠢ ᠤᠷᠤᠨ  ᠢᠶᠠᠷ ᠲᠤᠠᠠᠳᠠᠭᠠᠵᠠᠢ  ᠃        ᠣᠳᠣᠬᠠᠨ ᠳᠤ᠂  ᠤᠨᠤᠰᠢᠯᠬᠠᠳ᠋ᠬᠠᠰᠡᠨ ᠡᠪᠡᠳᠴᠢᠲᠡᠨ ᠢ ᠴᠢᠩᠭᠡᠯᠢᠭ ᠡᠮᠨᠡᠯᠭᠡ ᠶᠢᠨ ᠬᠤᠷᠢᠶᠠᠨ ᠳᠤ  ᠲᠦᠪᠯᠡᠷᠡᠭᠦᠯᠦᠨ ᠲᠤᠰᠠᠭᠠᠷᠯᠠᠨ ᠡᠮᠨᠡᠵᠦ  ᠪᠠᠶᠢᠬᠤ ᠶᠢᠨ ᠬᠠᠮᠳᠦ  ᠂  ᠬᠠᠯᠳᠠᠪᠤᠷᠢᠲᠤ ᠡᠪᠡᠳᠴᠢᠨ ᠤ ᠥᠷᠥᠭᠡ  ᠶᠢᠨ ᠡᠪᠡᠳᠴᠢᠳᠡᠨ᠂ ᠲᠣᠨᠤᠭ ᠲᠥᠬᠦᠭᠡᠷᠦᠮᠵᠢ ᠵᠡᠷᠭᠡ ᠪᠠᠴᠢᠮ ᠪᠠᠶᠢᠳᠠᠯ ᠢ  ᠠᠷᠭᠠᠴᠠᠭᠠᠬᠤ  ᠪᠡᠯᠡᠳᠬᠡᠯ ᠠᠵᠢᠯ ᠢ ᠰᠠᠶᠢᠲᠤᠷ ᠬᠢᠵᠦ᠂ ᠴᠢᠩᠭᠡᠯᠢᠭ ᠡᠮᠨᠡᠯᠭᠡ ᠶᠢᠨ ᠬᠤᠷᠢᠶᠠᠨ ᠳᠤ  ᠡᠮᠴᠢᠯᠡᠭᠡ ᠬᠢᠯᠭᠡᠬᠦ ᠳᠤ ᠬᠦᠴᠢᠷᠳᠠᠢ ᠪᠠᠶᠢᠭ᠎ᠠ ᠡᠪᠡᠳᠴᠢᠲᠡᠨ ᠢ  ᠰᠢᠯᠵᠢᠭᠦᠯᠦᠨ ᠡᠮᠴᠢᠯᠡᠬᠦ ᠠᠵᠢᠯ ᠢ  ᠰᠠᠶᠢᠲᠤᠷ ᠬᠢᠵᠦ ᠪᠠᠶᠢᠨ᠎ᠠ᠃            ᠡᠮᠴᠢᠯᠡᠭᠡᠨ ᠤ  ᠲᠤᠭᠤᠶᠢᠯᠡᠩ ᠨᠢ ᠰᠢᠯᠢ ᠶᠢᠨ ᠭᠤᠣᠯ ᠠᠶᠢᠮᠠᠭ ᠤᠨ    ᠬᠠᠯᠳᠠᠪᠦᠷᠢᠳᠦ ᠡᠪᠡᠳᠴᠢᠨ ᠤ ᠰᠠᠯᠠᠭ᠎ᠠ᠂ ᠳᠣᠲᠣᠷ ᠰᠠᠯᠠᠭ᠎ᠠ᠂ ᠬᠡᠦᠬᠡᠳ ᠤᠨ ᠰᠠᠯᠠᠭ᠎ᠠ᠂ ᠡᠮᠡᠭᠲᠡᠢ ᠶᠢᠨ ᠰᠠᠯᠠᠭ᠎ᠠ᠂ ᠠᠮᠢᠰᠬᠤᠯ ᠤᠨ ᠵᠠᠮ ᠤᠨ ᠰᠠᠯᠠᠭ᠎ᠠ ᠂ ᠭᠠᠳᠠᠷ ᠰᠠᠯᠠᠭ᠎ᠠ᠂ ᠬᠢᠲᠠᠳ ᠡᠮᠨᠡᠯᠭᠡ ᠶᠢᠨ ᠰᠠᠯᠠᠭ᠎ᠠ ᠵᠡᠷᠭᠡ   ᠰᠠᠯᠠᠭᠠᠨ ᠤ ᠲᠤᠰᠬᠠᠢ ᠮᠡᠷᠭᠡᠵᠢᠯᠲᠡᠨ ᠢᠶᠠᠷ ᠪᠦᠷᠢᠯᠳᠦᠵᠦ᠂ ᠥᠪᠡᠷᠲᠡᠭᠡᠨ ᠵᠠᠰᠠᠬᠤ ᠣᠷᠣᠨ ᠤ ᠲᠤᠰᠬᠠᠢ ᠮᠡᠷᠭᠡᠵᠢᠯᠲᠡᠨ ᠲᠠᠢ ᠠᠯᠤᠰ   ᠠᠴᠠ ᠬᠠᠮᠲᠤᠷᠠᠨ ᠣᠨᠣᠰᠢᠯᠠᠬᠤ ᠳᠦᠷᠢᠮ ᠢ  ᠪᠠᠶᠢᠭᠤᠯᠵᠠᠢ᠃  ᠤᠷᠴᠢᠮ ᠤᠨ ᠡᠳᠤᠷ  ᠂ ᠥᠪᠡᠷᠲᠡᠭᠡᠨ ᠵᠠᠰᠠᠬᠤ ᠣᠷᠣᠨ ᠤ ᠡᠮᠴᠢᠯᠡᠭᠡᠨ ᠤ ᠲᠤᠰᠬᠠᠢ ᠮᠡᠷᠭᠡᠵᠢᠯᠲᠡᠨ ᠲᠤᠬᠠᠢ ᠶᠢᠨ ᠲᠠᠯᠠᠪᠤᠷ ᠲᠤ ᠵᠢᠭᠠᠨ ᠵᠢᠯᠤᠭᠤᠳᠴᠤ᠂ ᠡᠪᠡᠳᠴᠢᠲᠡᠨ ᠳᠤ ᠴᠢᠭᠯᠡᠭᠦᠯᠦᠨ ᠬᠢᠲᠠᠳ ᠡᠸᠦ᠋ᠷᠦᠫᠡ ᠡᠮᠨᠡᠯᠭᠡ ᠶᠢ  ᠤᠶᠠᠯᠳᠤᠭᠤᠯᠤᠠᠠᠰᠡᠨ ᠲᠤᠰᠭᠠᠷᠴᠢᠯᠬᠠᠰᠡᠨ ᠡᠮᠴᠢᠯᠡᠭᠡ  ᠬᠢᠵᠠᠢ᠃            ᠰᠤᠷᠪᠤᠯᠵᠢᠯᠠᠭ᠎ᠠ᠄    ᠡᠷᠢᠶᠡᠨ  ᠬᠤᠲᠠ ᠶᠢᠨ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ ᠵᠥᠪᠯᠡᠯ ᠤᠨ ᠳᠡᠳ᠋ ᠡᠷᠬᠢᠯᠡᠭᠴᠢ ᠨᠢᠶᠧ ᠹᠠᠩ᠄        ᠡᠮᠴᠢᠯᠡᠭᠡ ᠳᠤᠮᠳᠠ᠂ ᠡᠮᠴᠢ ᠰᠤᠪᠢᠯᠠᠭᠴᠢᠳ ᠡᠪᠡᠳᠴᠢᠲᠡᠨ ᠨᠢᠭᠡᠪᠦᠷᠢ ᠶᠢᠨ ᠡᠪᠡᠳᠴᠢᠨ ᠤ ᠪᠠᠶᠢᠳᠠᠯ  ᠢ ᠨᠢᠭᠲᠠ ᠠᠵᠢᠭᠯᠠᠵᠤ᠂ ᠴᠠᠭ ᠲᠤᠬᠠᠢ ᠳᠤᠨᠢ ᠡᠮᠴᠢᠯᠡᠭᠡᠨ ᠤ ᠲᠥᠰᠥᠯ ᠂ ᠰᠡᠳᠬᠢᠴᠡ ᠶᠢᠨ ᠵᠢᠯᠣᠭᠤᠳᠤᠯᠭ᠎ᠠ  ᠬᠢᠵᠦ  ᠪᠠᠶᠢᠨ᠎ᠠ  ᠃  ᠤᠳᠠᠭᠠᠨ ᠴᠢᠨᠠᠷᠳᠠᠢ ᠡᠪᠡᠳᠴᠢᠲᠡᠨ ᠳᠤ ᠣᠨᠴᠠᠭᠠᠶ  ᠬᠠᠷᠠᠭᠠᠯᠵᠠᠯ  ᠬᠦᠷᠳᠡᠭᠡᠵᠦ᠂ ᠨᠢᠯᠬ᠎ᠠ ᠬᠡᠦᠬᠡᠳ   ᠲᠤ  ᠰᠢᠮ᠎ᠡ ᠲᠡᠵᠢᠭᠡᠯᠲᠦ ᠬᠤᠭᠤᠯᠠ ᠪᠠ ᠨᠠᠭᠠᠳᠤᠮ ᠤᠨ ᠵᠦᠢᠯ  ᠂ ᠨᠣᠮ ᠪᠢᠴᠢᠭ ᠵᠡᠷᠭᠡ ᠶᠢ  ᠬᠠᠩᠭᠠᠵᠦ  ᠂  ᠤᠨᠤᠰᠢᠯᠬᠠᠳ᠋ᠬᠠᠰᠡᠨ ᠡᠪᠡᠳᠴᠢᠲᠡᠨ ᠤ ᠡᠷᠲᠡᠬᠡᠨ  ᠡᠷᠡᠭᠦᠯᠵᠢᠬᠦ ᠶᠢ ᠪᠠᠳᠤᠯᠠᠵᠠᠢ  ᠃ ᠣᠳᠣᠬᠠᠨ ᠳᠤ  ᠤᠨᠤᠰᠢᠯᠬᠠᠳ᠋ᠬᠠᠰᠡᠨ ᠡᠪᠡᠳᠴᠢᠳᠡᠨ ᠤ  ᠪᠠᠶᠢᠳᠠᠯ  ᠲᠣᠭᠲᠠᠪᠤᠷᠢᠲᠠᠢ  ᠪᠠᠶᠢᠨ᠎ᠠ᠃           ᠬᠢᠵᠢᠭ ᠤᠨ ᠬᠤᠭᠤᠴᠠᠭᠠᠨ ᠳᠤ᠂   ᠡᠷᠢᠶᠡᠨ ᠬᠤᠳᠠ ᠶᠢᠨ ᠵᠠᠰᠠᠭ ᠤᠨ ᠶᠠᠪᠤᠳᠠᠯ ᠤᠨ ᠲᠤᠬᠠᠶᠢᠯᠠᠭᠰᠠᠨ ᠠᠵᠢᠯ  ᠢ ᠭᠦᠢᠴᠡᠳᠬᠡᠬᠦ  ᠪᠤᠯ ᠣᠯᠠᠨ ᠤ ᠠᠩᠬᠠᠷᠤᠯ ᠲᠠᠯᠪᠢᠵᠤ ᠪᠠᠶᠢᠭ᠎ᠠ  ᠠᠷᠠᠳ ᠤᠨ ᠠᠮᠢᠳᠤᠷᠠᠯ ᠤᠨ   ᠠᠵᠢᠯ ᠶᠠᠪᠤᠳᠠᠯ  ᠪᠤᠯᠬᠤᠷ᠂ ᠬᠢᠵᠢᠭ ᠤᠨ ᠪᠠᠶᠢᠳᠠᠯ ᠡᠭᠦᠰᠦᠭᠰᠡᠨ ᠠᠴᠠ  ᠨᠠᠭᠠᠰᠢ᠂ ᠡᠷᠢᠶᠡᠨ ᠬᠤᠲᠠ ᠶᠢᠨ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠲᠣᠪᠴᠢᠶ᠎ᠠ ︽ᠰᠦᠯᠵᠢᠶᠡᠨ ᠳᠡᠭᠡᠷ᠎ᠡ ᠭᠦᠢᠴᠡᠳᠬᠡᠬᠦ︾ ︽ᠬᠠᠪᠰᠤᠷᠤᠨ ᠭᠦᠢᠴᠡᠳᠬᠡᠬᠦ︾ ᠵᠡᠷᠭᠡ  ᠠᠷᠭ᠎ᠠ ᠬᠡᠯᠪᠡᠷᠢ ᠶᠢ ᠬᠡᠷᠡᠭᠵᠢᠭᠦᠯᠵᠦ᠂ ᠰᠠᠭᠤᠭᠠᠯᠢ ᠠᠷᠠᠳ ᠤᠨ ᠠᠵᠢᠯ ᠶᠠᠪᠤᠳᠠᠯ  ᠢᠶᠠᠨ ᠭᠦᠢᠴᠡᠳᠬᠡᠬᠦ ᠳᠤ ᠳᠥᠭᠦᠮ ᠦᠭᠡᠢ ᠪᠠᠶᠢᠬᠤ ᠠᠰᠠᠭᠤᠳᠠᠯ ᠢ  ᠰᠢᠢᠳᠪᠦᠷᠢᠯᠡᠵᠦ᠂ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠪᠠ ᠵᠠᠰᠠᠭ ᠤᠨ ᠶᠠᠪᠤᠳᠠᠯ ᠤᠨ  ᠤᠶᠢᠯᠡᠴᠢᠯᠡᠭᠡ ᠶᠢ ᠪᠠᠳᠤᠯᠠᠵᠠᠢ  ᠃             ᠰᠤᠷᠪᠤᠯᠵᠢᠯᠠᠭ᠎ᠠ᠄          ᠡᠷᠢᠶᠡᠨ ᠬᠤᠲᠠ ᠶᠢᠨ  ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ  ᠲᠤᠪᠴᠢᠶᠠᠨ ᠤ ᠳᠠᠷᠤᠭ᠎ᠠ ᠫᠠᠩ ᠵᠢᠶᠦ᠋ᠨ ᠴᠢᠩ  ᠄         ᠣᠲᠣ ᠪᠣᠯᠲᠠᠯ᠎ᠠ᠂ ᠤᠳᠠᠰᠤ᠂ ᠸᠢᠴᠠᠲ ᠤᠨ ᠯᠠᠪᠯᠠᠯᠲᠠ ᠪᠠᠷ ᠳᠡᠮᠵᠢᠨ᠂ ᠣᠯᠠᠨ ᠲᠦᠮᠡᠨ ᠢ ᠵᠢᠯᠣᠭᠤᠳᠤᠨ ᠠᠵᠤ ᠠᠬᠤᠶᠢᠯᠠᠯ ᠤᠨ  ᠲᠤᠬᠠᠶᠢᠯᠠᠭᠰᠠᠨ ᠠᠵᠢᠯ ᠢ  ᠰᠦᠯᠵᠢᠶᠡᠨ  ᠲᠡᠭᠡᠷ᠎ᠡ  ᠭᠦᠢᠴᠡᠳᠬᠡᠵᠦ᠂ ᠵᠢᠱᠢᠶᠡᠯᠡᠪᠡᠯ ᠭᠠᠶᠢᠯᠢ ᠲᠤᠰᠢᠶᠠᠭᠴᠢ  ᠶᠢᠨ ᠡᠷᠡᠮᠡᠯᠵᠢᠯᠡᠯ ᠢ ᠬᠤᠶᠢᠰᠢᠯᠠᠭᠤᠯᠬᠤ᠂  ᠭᠠᠶᠢᠯᠢ ᠶᠢᠨ ᠶᠠᠪᠤᠳᠠᠯ ᠢ ᠮᠡᠳᠡᠭᠦᠯᠬᠦ᠂ ᠠᠵᠢᠯᠲᠠᠨ ᠠᠵᠢᠯᠴᠢᠨ ᠤ ᠳᠠᠭᠠᠳᠬᠠᠯ ᠳᠤ  ᠤᠷᠤᠬᠤ ᠵᠡᠷᠭᠡ 130 ᠭᠠᠷᠤᠢ ᠵᠦᠢᠯ  ᠤᠨ ᠠᠵᠢᠯ ᠶᠠᠪᠤᠳᠠᠯ ᠢ ᠭᠦᠢᠴᠡᠳᠬᠡᠵᠡᠢ᠃  ᠲᠠᠷᠠᠭᠠᠴᠢ ᠶᠢᠨ ᠠᠯᠬᠤᠮ ᠳᠤ ᠬᠤᠲᠠ ᠶᠢᠨ ᠵᠠᠰᠠᠭ ᠤᠨ ᠶᠠᠪᠤᠳᠠᠯ ᠤᠨ  ᠤᠶᠢᠯᠡᠴᠢᠯᠡᠭᠡ ᠨᠢ  ᠡᠯ᠎ᠡ ᠬᠠᠮᠢᠶᠠᠳᠠᠢ ᠰᠠᠯᠠᠭ᠎ᠠ ᠮᠥᠴᠢᠷ ᠲᠠᠢ ᠬᠠᠮᠲᠤᠷᠠᠨ ᠰᠦᠯᠵᠢᠶ᠎ᠡ ᠪᠠᠷ   ᠬᠦᠢᠴᠡᠳᠬᠡᠬᠦ  ᠤᠶᠢᠯᠡᠴᠢᠯᠭᠡ  ᠭᠠᠷᠭᠠᠵᠤ᠂ ᠰᠠᠭᠤᠭᠠᠯᠢ ᠠᠷᠠᠳ  ᠤᠨ ᠡᠷᠢᠶᠡᠨ ᠬᠤᠲᠠ ᠶᠢᠨ  ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠰᠦᠯᠵᠢᠶ᠎ᠡ ᠶᠢ  ᠬᠡᠷᠡᠭᠯᠡᠬᠦ  ᠶᠢ ᠵᠢᠯᠤᠭᠤᠳᠤᠨ᠂ ︽ ᠮᠸᠡᠩ ᠰᠦ᠋ ᠤᠶᠢᠯᠡᠴᠢᠯᠭᠡ︾  ᠪᠠᠷ ᠲᠤᠬᠠᠶᠢᠯᠠᠭᠰᠠᠨ ᠠᠵᠢᠯ ᠢ ᠭᠦᠢᠴᠡᠳᠬᠡᠬᠦ  ᠢ ᠭᠡᠷᠡᠭᠵᠢᠭᠦᠯᠦᠨ᠎ᠡ᠃
 
ᠢᠷᠡᠯᠲᠡ᠄ ᠬᠠᠮ ᠵᠢᠭᠤᠴᠢᠯᠠᠭᠤᠷ ᠤᠨ ᠶᠠᠷᠦᠩᠬᠡᠶᠢᠯᠡᠭᠰᠡᠨ ᠷᠠᠳᠢᠤ᠋
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号