ᠡᠷᠢᠶᠡᠨ  ᠬᠤᠲᠠ ᠰᠢᠨ᠎ᠡ ᠲᠢᠳᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ  ᠬᠤᠷᠢᠨ ᠲᠦᠷᠪᠡᠳᠤᠭᠡᠷ ᠤᠳᠠᠭᠠᠨ ᠤ ᠰᠣᠨᠢᠨ ᠮᠡᠳᠡᠭᠡ ᠨᠡᠶᠢᠲᠡᠯᠡᠬᠦ ᠬᠤᠷᠠᠯ ᠬᠤᠷᠠᠯᠳᠤᠭᠤᠯᠵᠦ᠂ ᠬᠢᠵᠢᠭ ᠤᠨ ᠪᠠᠶᠢᠳᠠᠯ ᠢ  ᠰᠢᠢᠳᠪᠦᠷᠢᠯᠡᠭᠰᠡᠨ ᠠᠬᠢᠴᠠ ᠶᠢᠨ ᠪᠠᠶᠢᠳᠠᠯ ᠢ  ᠨᠠᠶᠢᠳᠠᠯᠡᠭᠰᠡᠨ
ᠨᠡᠶᠢᠲᠡᠯᠡᠭᠰᠡᠨ ᠴᠠᠭ᠄
2022/8/11
ᠡᠷᠢᠶᠡᠨ  ᠬᠤᠳᠠ   ᠶᠢᠨ  ᠶᠡᠷᠦᠩᠬᠡᠶᠢᠯᠬᠠᠰᠡᠨ ᠷᠠᠳᠢᠣ᠋ ᠶᠢᠨ  ᠰᠤᠷᠪᠤᠯᠵᠢᠯᠠᠭᠴᠢ  ᠪᠦᠷᠢᠩᠭᠤᠸ᠎ᠠ   ᠶᠢᠨ  ᠮᠡᠳᠡᠭᠡᠯᠡᠭᠰᠡᠨ  ᠢᠶᠠᠷ᠄ᠡᠷᠢᠶᠡᠨ   ᠬᠤᠲᠠ ᠰᠢᠨ᠎ᠡ ᠲᠢᠳᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠢ ᠰᠡᠷᠭᠡᠶᠢᠯᠡᠨ  ᠡᠵᠡᠮᠳᠡᠬᠦ   ᠬᠤᠷᠢᠨ ᠲᠦᠷᠪᠡᠳᠤᠭᠡᠷ ᠤᠳᠠᠭᠠᠨ ᠤ ᠰᠣᠨᠢᠨ ᠮᠡᠳᠡᠭᠡ ᠨᠡᠶᠢᠲᠡᠯᠡᠬᠦ ᠬᠤᠷᠠᠯ ᠬᠤᠷᠠᠯᠳᠤᠭᠤᠯᠵᠦ᠂ ᠬᠢᠵᠢᠭ ᠤᠨ ᠪᠠᠶᠢᠳᠠᠯ ᠢ  ᠰᠢᠢᠳᠪᠦᠷᠢᠯᠡᠭᠰᠡᠨ ᠠᠬᠢᠴᠠ ᠶᠢᠨ ᠪᠠᠶᠢᠳᠠᠯ ᠢ  ᠨᠠᠶᠢᠳᠠᠯᠡᠭᠰᠡᠨ        8 ᠰᠠᠷ᠎ᠠ ᠶᠢᠨ 10 ᠤ ᠡᠳᠦᠷ᠂ ᠡᠷᠢᠶᠡᠨ   ᠬᠤᠲᠠ ᠰᠢᠨ᠎ᠡ ᠲᠢᠳᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠢ ᠰᠡᠷᠭᠡᠶᠢᠯᠡᠨ  ᠡᠵᠡᠮᠳᠡᠬᠦ   ᠬᠤᠷᠢᠨ  ᠲᠦᠷᠪᠡᠳᠤᠭᠡᠷ ᠤᠳᠠᠭᠠᠨ ᠤ ᠰᠣᠨᠢᠨ ᠮᠡᠳᠡᠭᠡ ᠨᠡᠶᠢᠲᠡᠯᠡᠬᠦ ᠬᠤᠷᠠᠯ ᠬᠤᠷᠠᠯᠳᠤᠭᠤᠯᠵᠦ  ᠂ ᠬᠢᠵᠢᠭ ᠤᠨ ᠪᠠᠶᠢᠳᠠᠯ ᠢ  ᠰᠢᠢᠳᠪᠦᠷᠢᠯᠡᠭᠰᠡᠨ ᠠᠬᠢᠴᠠ ᠶᠢᠨ ᠪᠠᠶᠢᠳᠠᠯ ᠢ ᠨᠡᠶᠢᠳᠡᠯᠡᠪᠡ᠃ ᠡᠷᠢᠶᠡᠨ  ᠬᠤᠲᠠ ᠶᠢᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠵᠢᠯᠤᠭᠤᠳᠬᠤ ᠭᠠᠵᠠᠷ ᠤᠨ ᠳᠡᠳ᠋ ᠶᠡᠷᠦᠩᠬᠡᠢ ᠵᠢᠯᠣᠭᠤᠳᠤᠭᠴᠢ᠂  ᠬᠤᠲᠠ ᠶᠢᠨ ᠳᠡᠳ᠋ ᠳᠠᠷᠤᠭ᠎ᠠ ᠸᠠᠩ ᠳ᠋ᠦᠩ ᠱᠧᠩ  ᠵᠢᠴᠢ ᠬᠠᠮᠢᠶ᠎ᠠ ᠪᠦᠬᠦᠢ ᠬᠥᠮᠥᠰ ᠰᠣᠨᠢᠨ ᠮᠡᠳᠡᠭᠡ ᠨᠡᠶᠢᠳᠡᠯᠡᠬᠦ ᠬᠤᠷᠠᠯ ᠳᠤ ᠤᠷᠤᠯᠴᠠᠵᠠᠢ᠃       ᠮᠡᠳᠡᠭᠳᠡᠯ ᠢ ᠦᠨᠳᠦᠰᠦᠯᠡᠪᠡᠯ᠂ 8 ᠰᠠᠷ᠎ᠠ ᠶᠢᠨ 9 ᠤ ᠡᠳᠦᠷ ᠤᠨ 0 ︱ 24 ᠴᠠᠭ  ᠪᠤᠯᠳᠠᠯ᠎ᠠ᠂ ᠡᠷᠢᠶᠡᠨ  ᠬᠤᠲᠠ  ᠳᠤ ᠤᠨᠤᠰᠢᠯᠬᠠᠳ᠋ᠬᠠᠰᠡᠨ ᠡᠪᠡᠳᠴᠢᠨ ᠤ ᠵᠢᠱᠢᠶ᠎ᠡ 1 ᠨᠡᠮᠡᠭᠳᠡᠵᠦ  ᠂ ᠡᠪᠡᠳᠴᠢᠨ ᠤ ᠢᠯᠡᠷᠡᠯ ᠦᠭᠡᠢ  ᠬᠠᠯᠳᠠᠪᠦᠷᠢᠯᠬᠠᠴᠢ 2  ᠨᠡᠮᠡᠭᠳᠡᠵᠠᠢ᠃  8 ᠰᠠᠷ᠎ᠠ   ᠶᠢᠨ 9 ᠤ ᠡᠳᠦᠷ ᠤᠨ 24 ᠴᠠᠭ ᠪᠣᠯᠲᠠᠯ᠎ᠠ᠂ ᠮᠠᠨ ᠤ ᠬᠤᠲᠠ  ᠶᠢᠨ ᠤᠨᠤᠰᠢᠯᠬᠠᠳ᠋ᠬᠠᠰᠡᠨ ᠡᠪᠡᠳᠴᠢᠨ ᠤ ᠵᠢᠱᠢᠶ᠎ᠡ 32 ᠪᠠᠶᠢᠵᠤ᠂  ᠡᠪᠡᠳᠴᠢᠨ ᠤ ᠢᠯᠡᠷᠡᠯ ᠦᠭᠡᠢ ᠬᠠᠯᠳᠠᠪᠤᠷᠢᠯᠠᠭᠰᠠᠳ 18 ᠪᠠᠶᠢᠵᠤ᠂ ᠤᠨᠤᠰᠢᠯᠬᠠᠳ᠋ᠬᠠᠰᠡᠨ ᠡᠪᠡᠳᠴᠢᠳᠡᠨ ᠢ   ᠴᠢᠩᠭᠡᠯᠢᠭ ᠡᠮᠨᠡᠯᠭᠡ ᠶᠢᠨ  ᠬᠤᠷᠢᠶᠠᠨ ᠳᠤ  ᠲᠤᠰᠠᠭᠠᠷᠯᠠᠨ  ᠡᠮᠨᠡᠵᠦ  ᠂  ᠡᠪᠡᠳᠴᠢᠳᠡᠨ ᠤ  ᠪᠠᠶᠢᠳᠠᠯ  ᠲᠣᠭᠲᠠᠪᠤᠷᠢᠲᠠᠢ  ᠪᠠᠶᠢᠨ᠎ᠠ᠃  8 ᠰᠠᠷ᠎ᠠ ᠶᠢᠨ 10 ᠤ ᠡᠳᠦᠷ ᠤᠨ 12 ᠴᠠᠭ ᠪᠣᠯᠲᠠᠯ᠎ᠠ᠂ 2493  ᠨᠢᠠᠠᠳᠠ  ᠤᠶᠢᠷᠡᠳᠤᠠᠠᠰᠠᠳ᠂ 1911 ᠲᠠᠮ  ᠤᠶᠢᠷᠡᠳᠤᠠᠠᠰᠠᠳ ᠢ  ᠪᠠᠶᠢᠴᠠᠭᠠᠵᠦ᠂ ᠨᠡᠶᠢᠲᠡ 4404 ᠬᠥᠮᠥᠨ ᠢ  ᠪᠠᠶᠢᠴᠠᠭᠠᠨ ᠭᠠᠷᠭᠠᠵᠠᠢ  ᠃ 767 ᠬᠥᠮᠥᠨ  ᠤ ᠲᠥᠪᠯᠡᠷᠡᠭᠦᠯᠦᠨ  ᠲᠤᠰᠭᠠᠷᠯᠠᠯᠳᠠ ᠂ 320 ᠬᠥᠮᠥᠨ   ᠤ ᠭᠡᠷ ᠳᠠᠬᠢ ᠲᠤᠰᠭᠠᠷᠯᠠᠯᠳᠠ ᠶᠢ  ᠦᠭᠡᠶᠢᠰᠬᠡᠵᠦ  ᠂ 1832 ᠬᠥᠮᠥᠨ   ᠢ  ᠲᠦᠪᠯᠡᠷᠡᠭᠦᠯᠦᠨ  ᠲᠤᠰᠭᠠᠷᠯᠠᠵᠦ  ᠂ 1373 ᠬᠥᠮᠥᠨ   ᠢ ᠭᠡᠷ ᠲᠤᠨᠢ  ᠲᠤᠰᠭᠠᠷᠯᠠᠵᠦ ᠪᠠᠶᠢᠨ᠎ᠠ᠃          ᠡᠷᠢᠶᠡᠨ   ᠬᠤᠲᠠ ᠤᠯᠤᠰ ᠤᠨ ᠶᠢᠰᠦᠳᠦᠭᠡᠷ ᠬᠡᠪᠯᠡᠯ ᠤᠨ ᠰᠡᠷᠭᠡᠶᠢᠯᠡᠨ ᠡᠵᠡᠮᠳᠡᠬᠦ ᠲᠥᠰᠥᠯ ᠤᠨ ᠱᠠᠭᠠᠷᠳᠠᠯᠭ᠎ᠠ  ᠶᠤᠰᠤᠭᠠᠷ᠂ ᠲᠤᠰᠬᠠᠢ ᠮᠡᠷᠭᠡᠵᠢᠯᠲᠡᠨ ᠤ ᠳᠤᠭᠤᠶᠢᠯᠠᠩ ᠤᠨ  ᠰᠤᠳᠤᠯᠤᠨ   ᠮᠠᠭᠠᠳᠯᠬᠠᠰᠡᠨ ᠢᠶᠠᠷ᠂ ᠯᠦᠩ ᠶᠤᠸᠠᠨ  ᠰᠠᠭᠤᠭᠠᠯᠢ ᠲᠣᠭᠤᠷᠢᠭ ᠢ  ᠦᠨᠳᠤᠷ ᠡᠷᠡᠰᠳᠡᠯ ᠲᠠᠢ ᠲᠣᠭᠤᠷᠢᠭ   ᠠᠴᠠ ᠳᠤᠮᠳᠠ  ᠡᠷᠡᠰᠳᠡᠯ ᠲᠠᠢ ᠲᠣᠭᠤᠷᠢᠭ  ᠪᠤᠯᠭᠠᠵᠦ᠂  ᠸᠠᠩ ᠲᠦᠡᠭ ᠰᠠᠭᠤᠭᠠᠯᠢ ᠠᠷᠠᠳ ᠤᠨ ᠠᠰᠠᠷ᠂ ᠠᠶᠠᠨᠴᠢᠳ ᠤᠨ ᠲᠡᠭᠡᠭᠡᠪᠦᠷᠢ ᠶᠢᠨ  ᠰᠠᠭᠤᠭᠠᠯᠢ ᠲᠣᠭᠤᠷᠢᠭ᠂  ᠵᠦ ᠭᠠᠩ ᠶᠡᠷᠦᠩᠬᠡᠶᠢᠯᠡᠭᠰᠡᠨ ᠠᠰᠠᠷ᠂  ᠽᠢ ᠶᠤᠸᠠᠨ ᠬᠤᠸ ᠲᠢᠩ  ᠰᠠᠭᠤᠭᠠᠯᠢ ᠲᠣᠭᠤᠷᠢᠭ ᠢ   ᠲᠤᠮᠳᠠ ᠡᠷᠡᠰᠳᠡᠯ ᠲᠠᠢ ᠲᠣᠭᠤᠷᠢᠭ   ᠠᠴᠠ ᠳᠣᠣᠷ᠎ᠠ  ᠡᠷᠡᠰᠳᠡᠯ ᠲᠠᠢ ᠲᠣᠭᠤᠷᠢᠭ  ᠪᠤᠯᠭᠠᠵᠠᠢ᠃ 8 ᠰᠠᠷ᠎ᠠ ᠶᠢᠨ 10 ᠤ ᠡᠳᠦᠷ ᠤᠨ 15 ᠴᠠᠭ ᠪᠣᠯᠲᠠᠯ᠎ᠠ᠂ ᠮᠠᠨ ᠤ ᠬᠤᠲᠠ ᠳᠤ  1  ᠦᠨᠳᠤᠷ ᠡᠷᠡᠰᠳᠡᠯ ᠲᠠᠢ ᠲᠤᠭᠤᠷᠢᠭ᠂  8 ᠳᠤᠮᠳᠠ ᠡᠷᠡᠰᠳᠡᠯ ᠲᠠᠢ ᠲᠤᠭᠤᠷᠢᠭ ᠪᠠᠶᠢᠵᠤ᠂ ᠪᠤᠰᠤᠳ  ᠲᠤᠭᠤᠷᠢᠭ ᠢ ᠲᠤᠤᠷ᠎ᠠ ᠡᠷᠡᠰᠳᠡᠯ ᠲᠠᠢ ᠲᠤᠭᠤᠷᠢᠭ ᠪᠤᠯᠭᠠᠵᠠᠢ᠃            ᠡᠷᠢᠶᠡᠨ  ᠬᠤᠲᠠ ᠬᠢᠵᠢᠭ ᠢ  ᠰᠡᠷᠭᠡᠶᠢᠯᠡᠨ ᠡᠵᠡᠮᠳᠡᠬᠦ ᠠᠵᠢᠯ  ᠢ ᠪᠠᠳᠤᠳᠬᠠᠵᠦ᠂  ᠰᠤᠷᠤᠭᠴᠢᠳ  ᠤᠨ  ᠰᠤᠷᠭᠠᠭᠤᠯᠢ ᠳᠤ ᠪᠠᠨ ᠪᠤᠴᠠᠬᠤ ᠳᠤ ᠪᠠᠳᠤᠯᠭ᠎ᠠ ᠬᠠᠩᠭᠠᠵᠦ ᠪᠠᠶᠢᠨ᠎ᠠ᠃  ᠡᠷᠢᠶᠡᠨ  ᠬᠤᠲᠠ ᠶᠢᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠤᠨ ᠵᠢᠯᠤᠭᠤᠳᠬᠤ ᠭᠠᠵᠠᠷ ᠠᠴᠠ  ︽ᠡᠷᠢᠶᠡᠨ ᠬᠤᠲᠠ ᠶᠢᠨ ᠨᠡᠶᠢᠭᠡᠮ ᠲᠣᠭᠤᠷᠢᠭ ᠲᠤ  ᠬᠠᠰᠢᠠᠠᠳ᠋ᠬᠠᠰᠡᠨ ᠬᠥᠮᠥᠰ ᠵᠢᠴᠢ ᠭᠠᠳᠠᠭᠰᠢ ᠭᠠᠷᠬᠤ ᠱᠠᠭᠠᠷᠳᠠᠯᠭ᠎ᠠ ᠲᠠᠢ ᠬᠥᠮᠥᠰ  ᠲᠤ ᠬᠤᠲᠠ ᠠᠴᠠ ᠭᠠᠷᠬᠤ ᠲᠥᠰᠥᠯ︾ ᠢ ᠳᠠᠷᠤᠮᠠᠯᠯᠠᠨ ᠲᠠᠷᠬᠠᠭᠠᠵᠤ᠂  ᠰᠤᠷᠭᠠᠭᠤᠯᠢ ᠳᠤ ᠪᠠᠨ ᠪᠤᠴᠠᠬᠤ   ᠰᠤᠷᠤᠭᠴᠢᠳ ︽ᠡᠪᠡᠳᠴᠢᠨ ᠤ ᠵᠢᠱᠢᠶ᠎ᠡ  ᠂ ᠡᠪᠡᠳᠴᠢᠨ ᠤ ᠢᠯᠡᠷᠡᠯ ᠦᠭᠡᠢ ᠬᠠᠯᠳᠠᠪᠤᠷᠢᠯᠠᠭᠰᠠᠳ ᠂ ᠨᠢᠠᠠᠳᠠ ᠤᠶᠢᠷᠡᠳᠤᠠᠠᠰᠠᠳ  ᠂ ᠲᠠᠮ ᠤᠶᠢᠷᠡᠳᠤᠠᠠᠰᠠᠳ  ᠪᠢᠰᠢ᠂  ᠬᠠᠯᠠᠭᠤᠷᠠᠬᠤ᠂ ᠬᠠᠭᠤᠷᠠᠢ ᠪᠠᠷ ᠬᠠᠨᠢᠶᠠᠬᠤ᠂ ᠦᠨᠦᠷ ᠤᠨ ᠰᠡᠷᠡᠯ  ᠢᠶᠠᠨ ᠠᠯᠳᠠᠬᠤ᠂ ᠪᠤᠯᠴᠢᠩ ᠮᠢᠬ᠎ᠠ ᠡᠪᠡᠳᠬᠦ ᠵᠡᠷᠭᠡ ᠰᠢᠨ᠎ᠡ ᠲᠢᠳᠢᠮᠯᠢᠭ ᠠᠭᠤᠰᠬᠢᠨ ᠦᠷᠪᠢᠰᠦᠯ ᠤᠨ ᠡᠪᠡᠳᠴᠢᠨ ᠤ ᠢᠯᠡᠷᠡᠯ ᠭᠠᠷᠤᠭᠰᠠᠨ ᠦᠭᠡᠢ  ᠂ ᠰᠠᠭᠤᠭ᠎ᠠ ᠲᠤᠭᠤᠷᠢᠭ   ᠨᠢ ᠲᠤᠤᠷ᠎ᠠ ᠡᠷᠡᠰᠳᠡᠯ ᠲᠠᠢ  ᠲᠤᠭᠤᠷᠢᠭ  ᠪᠠᠶᠢᠬᠤ ᠶᠢᠨ ᠬᠠᠮᠳᠦ ᠲᠤᠯᠤᠭᠠᠨ ᠡᠳᠤᠷ ᠤᠨ ᠪᠢᠯᠢᠭ ᠴᠢᠨᠠᠷᠳᠠᠢ ᠪᠦᠭᠡᠮ ᠬᠦᠴᠢᠯ ᠤᠨ ᠰᠢᠯᠭᠠᠨ ᠪᠠᠶᠢᠴᠠᠭᠠᠯᠳᠠ ᠪᠠᠶᠢᠬᠤ ᠤᠷᠢᠳᠠᠯ ᠲᠤᠤᠷ᠎ᠠ ᠨᠡᠶᠢᠭᠡᠮ ᠲᠤᠭᠤᠷᠢᠭ ᠂  ᠰᠤᠮᠤ  ᠂  ᠬᠢᠯᠢ ᠶᠢᠨ ᠬᠠᠮᠳᠤᠷᠠᠯᠴᠠᠭᠠᠨ ᠤ ᠲᠤᠭᠤᠷᠢᠭ   ᠲᠤ ᠮᠡᠳᠡᠭᠦᠯᠵᠦ ᠪᠤᠯᠤᠨ᠎ᠠ᠃   ᠮᠡᠳᠡᠭᠦᠯᠦᠯᠳᠡ  ᠶᠢ ᠨᠡᠶᠢᠭᠡᠮ ᠲᠣᠭᠤᠷᠢᠭ  ᠠᠴᠠ ᠬᠢᠨᠠᠨ ᠬᠠᠷᠠᠭᠤᠯᠤᠠᠠᠰᠡᠨ ᠤ ᠳᠠᠷᠠᠭ᠎ᠠ᠂  ᠡᠬᠢ ᠰᠤᠷᠪᠤᠯᠵᠢ ᠶᠢ ᠡᠷᠢᠬᠦ ᠳᠤᠭᠤᠶᠢᠯᠠᠩ᠂ ᠨᠡᠶᠢᠭᠡᠮ ᠤᠨ ᠬᠠᠮᠢᠶᠠᠷᠤᠨ ᠡᠵᠡᠮᠳᠡᠬᠦ ᠳᠤᠭᠤᠶᠢᠯᠠᠩ᠂ ᠪᠥᠭᠡᠮ ᠬᠦᠴᠢᠯ ᠤᠨ  ᠰᠢᠯᠭᠠᠨ ᠪᠠᠶᠢᠴᠠᠭᠠᠯᠳᠠ ᠶᠢᠨ ᠳᠤᠭᠤᠶᠢᠯᠠᠩ᠂ ᠡᠮᠴᠢᠯᠡᠭᠡᠨ ᠤ ᠰᠡᠷᠭᠡᠶᠢᠯᠡᠨ ᠡᠵᠡᠮᠳᠡᠬᠦ ᠳᠤᠭᠤᠶᠢᠯᠠᠩ ᠠᠴᠠ ᠲᠣᠰ ᠲᠣᠰ ᠭᠠᠷ ᠤᠨ ᠥᠰᠥᠭ ᠵᠢᠷᠤᠵᠤ᠂  ᠨᠥᠬᠦᠴᠡᠯ ᠳᠤ ᠨᠡᠶᠢᠴᠡᠬᠦ ᠬᠥᠮᠥᠰ ᠢ ᠲᠣᠭᠲᠠᠭᠠᠨ᠎ᠠ᠃  ᠣᠳᠣᠬᠠᠨ ᠳᠤ᠂ ᠡᠯ᠎ᠡ  ᠲᠦᠷᠦᠯ ᠤᠨ ᠠᠵᠢᠯ ᠢ ᠡᠮᠬᠢ ᠵᠢᠷᠤᠮ ᠲᠠᠢ ᠥᠷᠨᠢᠭᠦᠯᠵᠦ᠂  ᠰᠣᠷᠣᠭᠴᠢ ᠪᠣᠯᠣᠨ ᠭᠡᠷ ᠤᠨ ᠠᠬᠠᠮᠠᠳ ᠨᠡᠶᠢᠭᠡᠮ ᠲᠣᠭᠤᠷᠢᠭ ᠲᠠᠢ ᠪᠠᠨ ᠬᠠᠷᠢᠯᠴᠠᠵᠤ᠂ ᠬᠢᠨᠠᠨ ᠵᠥᠪᠰᠢᠶᠡᠷᠡᠬᠦ  ᠠᠵᠢᠯ ᠢ ᠪᠡᠶᠡᠯᠡᠭᠦᠯᠵᠦ ᠪᠠᠶᠢᠨ᠎ᠠ᠃  ᠬᠤᠲᠠ   ᠠᠴᠠ ᠭᠠᠷᠬᠤ   ᠠᠴᠠ ᠪᠠᠨ ᠡᠮᠦᠨ᠎ᠡ ᠰᠠᠨᠠᠭᠠᠴᠢᠯᠠᠭ᠎ᠠ   ᠠᠴᠠ ᠪᠠᠨ ᠣᠴᠢᠬᠤ ᠭᠠᠵᠠᠷ ᠤᠨ ᠢᠶᠠᠨ ᠨᠡᠶᠢᠭᠡᠮ ᠲᠣᠭᠤᠷᠢᠭ ᠲᠤ  ᠳᠠᠩᠰᠠᠯᠠᠭᠤᠯᠵᠤ᠂  ᠬᠦᠷᠬᠦ ᠭᠠᠵᠠᠷ  ᠤᠨ ᠢᠶᠠᠨ ᠬᠢᠵᠢᠭ ᠤᠨ ᠪᠠᠶᠢᠳᠠᠯ   ᠢ ᠰᠡᠷᠭᠡᠶᠢᠯᠡᠨ ᠡᠵᠡᠮᠳᠡᠬᠦ ᠲᠥᠷᠥ ᠶᠢᠨ ᠪᠣᠳᠣᠯᠭ᠎ᠠ ᠶᠢ ᠴᠢᠩᠭ᠎ᠠ ᠵᠢᠷᠤᠮᠯᠠᠬᠤ ᠬᠡᠷᠡᠭᠲᠡᠢ᠃
 
ᠢᠷᠡᠯᠲᠡ᠄ ᠬᠠᠮ ᠵᠢᠭᠤᠴᠢᠯᠠᠭᠤᠷ ᠤᠨ ᠶᠠᠷᠦᠩᠬᠡᠶᠢᠯᠡᠭᠰᠡᠨ ᠷᠠᠳᠢᠤ᠋
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号